ᠪᠠᠭ᠎ᠠ ᠶᠢᠨ ᠳᠤᠷᠠᠳᠬᠠᠯ

ᠵᠢᠷᠦᠭᠡᠨ ᠳᠤ ᠰᠡᠢ᠌ᠯᠦᠭᠡᠳᠡᠢ ᠪᠠᠭ᠎ᠠ ᠨᠠᠰᠤ ᠪᠠᠨ ᠪᠢ ᠮᠠᠷᠳᠠᠵᠤ ᠴᠢᠳᠠᠬᠤ ᠦᠭᠡᠶ᠃

ᠭᠦᠮᠤᠨ ᠭᠦᠮᠤᠨ ᠤ ᠪᠠᠭ᠎ᠠ ᠨᠠᠰᠤ ᠭᠡᠵᠤ ᠪᠦᠷ ᠯᠠ ᠴᠠᠪᠠᠷ ᠴᠠᠢ᠌ᠯᠭᠠᠨ ᠪᠠᠢ᠌ᠳᠠᠭ ᠴᠤ ᠦᠪᠡᠷ ᠦᠪᠡᠷ ᠤᠨ ᠶᠢᠡᠨ ᠥᠩᠭᠡ ᠪᠣᠳᠤᠭ ᠲᠡᠶ ᠪᠠᠢ᠌ᠳᠠᠭ ᠡ᠃ ᠮᠢᠨᠤ ᠳᠦᠷᠦᠭ᠍ᠰᠡᠨ ᠨᠤᠳᠤᠭ ᠪᠣᠯ 《ᠭᠦᠷᠢᠶ᠎ᠡ ᠭᠦᠷᠢᠶ᠎ᠡ ᠭᠦᠷᠦᠰᠢ ᠦᠭᠡᠶ ᠭᠠᠵᠠᠷ᠂ ᠭᠦᠷᠦᠭᠡᠳ ᠣᠴᠢᠪᠠᠯ ᠭᠠᠷᠤᠰᠢ ᠦᠭᠡᠶ ᠭᠠᠵᠠᠷ》 ᠭᠡᠭ᠍ᠳᠡᠭ᠍ᠰᠡᠨ ᠭᠦᠷᠢᠶ᠎ᠡ ᠬᠤᠰᠢᠭᠤ ᠪᠣᠯᠤᠨ᠎ᠠ᠃ ᠪᠢ ᠬᠡᠦᠬᠡᠳ ᠪᠠᠭ᠎ᠠ ᠨᠠᠰᠤ ᠪᠠᠨ ᠭᠦᠷᠢᠶᠡᠨ ᠳᠤ ᠪᠠᠨ ᠥᠩᠭᠡᠷᠡᠭᠦᠯᠵᠤ ᠪᠢᠯᠠ᠃ ᠣᠳᠤ ᠪᠢ ᠭᠡᠳᠦᠢ ᠢᠳᠠᠷ ᠳᠤᠮᠤᠭ᠎ᠠ ᠶᠢᠨ ᠡᠩᠨᠡᠭᠡᠨ ᠳᠤ ᠶᠠᠭᠤ ᠬᠠᠢ ᠦᠭᠡᠶ ᠣᠷᠤᠭᠠᠤᠨ ᠪᠠᠢ᠌ᠭ᠎ᠠ ᠴᠤ ᠪᠠᠭ᠎ᠠ ᠨᠠᠰᠤᠨ ᠤ ᠭᠡᠨᠡᠨ ᠳᠤᠷᠠᠳᠬᠠᠯ ᠡᠴᠡ ᠪᠠᠨ ᠶᠠᠭᠠᠭᠢᠭᠰᠠᠨ ᠴᠤ ᠮᠤᠯᠳᠤᠷᠠᠵᠤ ᠴᠢᠳᠠᠬᠤ ᠦᠭᠡᠶ ᠨᠢ᠃ ᠪᠣᠳᠤᠪᠠᠯ ᠴᠠᠪᠠᠷ ᠴᠠᠢ᠌ᠯᠭᠠᠨ ᠵᠣᠢ᠌ᠯᠠᠰ ᠨᠢ ᠭᠦᠮᠤᠨ ᠤ ᠰᠡᠳᠭᠢᠯ ᠳᠤ ᠮᠥᠩᠭᠡ ᠬᠠᠳᠠᠩᠰᠢᠳᠠᠭ ᠪᠠᠢ᠌ᠵᠠᠢ᠃

ᠲ᠋ᠠᠷᠠ ᠦᠶ᠎ᠡ ᠳᠤ ᠪᠢ ᠬᠡᠳᠦᠢ᠌ᠪᠡᠷ ᠬᠤᠶᠠᠷ ᠭᠡᠦᠭᠡᠨ ᠳᠡᠭᠦᠤ ᠲᠡᠶ ᠪᠠᠢ᠌ᠭᠰᠠᠨ ᠴᠤ ᠪᠠᠭ᠎ᠠ ᠭᠡᠦᠭᠡᠨ ᠳᠡᠭᠦᠤ ᠮᠢᠨᠢ ᠦᠯᠦᠭᠡᠢ ᠲᠡᠶ ᠵᠢᠭᠠᠬᠠᠨ ᠪᠠᠢ᠌ᠭᠰᠠᠨ ᠪᠣᠯᠬᠤᠷ ᠪᠢ ᠶᠡᠭᠡ ᠭᠡᠦᠭᠡᠨ ᠳᠡᠭᠦᠤ ᠶᠢᠨ ᠶᠢᠡᠨ ᠭᠠᠷ ᠡᠴᠡ ᠨᠢ ᠭᠦᠳᠡᠯᠦᠩᠭᠦᠳᠡ ᠯᠠ ᠬᠠᠨᠢ ᠬᠠᠮᠰᠠᠭᠠᠳᠠᠨ ᠶᠢᠡᠨ ᠡᠷᠢᠭᠡᠳ ᠨᠢᠭᠡ ᠵᠥᠭ᠌ ᠲᠤ ᠪᠠᠨ ᠵᠢᠯᠢ᠌ᠴᠢᠭᠡᠳᠡᠭ᠌ ᠨᠢ ᠳᠠᠷᠠ᠃ ᠢᠩᠭᠢᠭᠡᠳ ᠭᠠᠷᠤᠭᠠᠤᠨ ᠶᠠᠪᠣᠪᠠᠯ ᠪᠦᠷᠦᠢ ᠳᠠᠰᠤᠷᠠᠭᠠᠤᠨ ᠡᠵᠢ ᠶᠢᠨ ᠬᠠᠩᠭᠢᠨᠠᠭᠰᠠᠨ ᠳᠠᠭᠤ ᠴᠢᠭᠢ ᠳᠡᠯᠡᠳᠭᠦ ᠡᠴᠡ ᠨᠠᠭᠠᠰᠢ ᠭᠡᠷ ᠤᠨ ᠪᠠᠷ᠎ᠠ ᠬᠠᠷᠠᠨ᠎ᠠ ᠭᠡᠵᠤ ᠪᠣᠤ ᠰᠠᠨᠠ᠃ ᠳᠠᠷᠠ ᠦᠶ᠎ᠡ ᠶᠢᠨ ᠬᠡᠦᠬᠡᠳ ᠤᠨ ᠣᠴᠢᠳᠠᠭ ᠴᠡᠴᠡᠷᠯᠢᠭ᠌ ᠭᠡᠪᠠᠯ ᠠᠢ᠌ᠯ ᠶᠢᠡᠨ ᠳᠤᠭᠤᠷᠢᠭᠰᠠᠨ ᠮᠠᠩᠬᠠᠨ ᠡᠭᠡᠪᠦᠷ ᠪᠣᠶᠤ ᠳᠤᠩᠭ᠋ᠠᠯᠠᠭ ᠣᠷᠤᠰᠬᠠᠯᠳᠤ ᠭᠤᠤᠯ ᠭᠤᠷᠤᠬ᠎ᠠ ᠪᠣᠯᠤᠨ᠎ᠠ᠃ ᠪᠢ ᠭᠡᠵᠤ ᠪᠠᠭ᠎ᠠ ᠡᠴᠡ ᠪᠠᠨ ᠶᠠᠷᠤᠨᠢ ᠥᠭᠡ ᠳᠠᠭᠤ ᠴᠥᠭᠡᠨ ᠲᠡᠶ ᠴᠤ ᠳᠡᠨᠡᠭ᠌ ᠪᠢᠳᠠᠭᠤ ᠪᠢᠰᠢ ᠪᠣᠯᠬᠤᠷ ᠨᠡᠢ᠌ᠯᠡᠳᠡᠭ᠌ ᠭᠡᠳᠤᠨ ᠬᠡᠦᠬᠡᠳ ᠤᠨ ᠶᠢᠡᠨ ᠳᠤᠮᠳᠠ ᠨᠠᠰᠤ ᠪᠠᠷ ᠪᠠᠭ᠎ᠠ ᠴᠤ ᠳᠤᠮᠤᠤᠴᠤᠤᠯ ᠤᠨ ᠪᠠᠢ᠌ᠷᠢᠨ ᠳᠤ ᠯᠠᠷᠵᠢᠶᠠᠯᠠᠵᠤ ᠪᠢ ᠶᠠᠭᠤ ᠨᠠᠭᠠᠳᠤᠨ᠎ᠠ ᠭᠡᠪᠠᠯ ᠳᠠᠷᠠ ᠭᠡᠳᠤ ᠮᠢᠨᠢ ᠨᠠᠮ᠎ᠠ ᠶᠢ ᠳᠠᠭᠤ ᠦᠭᠡᠶ ᠠᠶᠠᠯᠳᠤᠨ ᠳᠠᠭᠠᠳᠠᠭ ᠪᠠᠢ᠌ᠪᠠ᠃

ᠪᠠᠭ᠎ᠠ ᠶᠢᠨ ᠦᠶ᠎ᠡ ᠶᠢᠨ ᠮᠢᠨᠤ ᠬᠠᠮᠤᠭ ᠳᠤᠷᠠᠳᠠᠢ ᠨᠠᠭᠠᠳᠤᠮ ᠭᠡᠪᠠᠯ ᠵᠤᠨ ᠳᠤ ᠪᠠᠨ ᠠᠯᠠᠭ ᠮᠤᠷᠢᠨ ᠳᠤ ᠪᠠᠨ ᠶᠠᠩᠵᠤᠯᠠᠭᠰᠠᠨ ᠰᠠᠢ᠌ᠬᠠᠨ ᠡᠮᠡᠭᠡᠯ ᠳᠤᠬᠤᠴᠢᠬᠠᠭᠠᠤᠨ ᠭᠦᠮᠤᠨ ᠤ ᠨᠢᠭᠡ ᠮᠤᠷᠢ ᠭᠦᠯᠦᠭᠯᠡᠨ ᠠᠶᠠᠭ᠎ᠠ ᠱᠠᠭᠠᠵᠠᠩ ᠤᠨ ᠭᠡᠯᠳᠡᠷᠭᠡᠢ ᠴᠤᠭᠯᠠᠭᠤᠯᠤᠨ᠂ ᠮᠢᠠᠵᠤᠤᠬᠠᠢ ᠰᠢᠮᠡᠯᠳᠡᠭ᠌ ᠤᠨ ᠦᠨᠳᠦᠰᠦ ᠣᠬᠤᠵᠤ᠂ ᠭᠤᠤᠯ ᠤᠨ ᠳᠠᠩ ᠤᠨ ᠴᠢᠯᠠᠭᠤ ᠳᠡᠭᠦᠨ ᠭᠡᠷ ᠣᠷᠤᠨ ᠶᠢᠡᠨ ᠪᠠᠢ᠌ᠭᠤᠯᠵᠤ ᠳᠤᠯᠭ᠎ᠠ ᠳᠤᠭᠤᠭ᠎ᠠ ᠪᠠᠨ ᠪᠣᠰᠬᠠᠬᠤ ᠶᠠᠪᠣᠳᠠᠯ ᠪᠣᠯᠤᠨ᠎ᠠ᠃ ᠳᠠᠷᠠ ᠦᠶ᠎ᠡ ᠳᠤ ᠪᠢ ᠭᠡᠷ ᠤᠨ ᠬᠣᠢ᠌ᠮᠤᠷ ᠵᠠᠯᠠᠷᠠᠵᠤ ᠬᠠᠳᠠᠭ ᠰᠠᠮᠪᠠᠢ ᠲᠡᠶ ᠭᠦᠮᠤᠨ ᠰᠠᠢ᠌ᠬᠠᠨ ᠬᠤᠯᠠ ᠮᠤᠷᠢ ᠪᠠᠷ ᠶᠢᠡᠨ ᠰᠠᠢ᠌ᠪᠣᠷᠢᠯᠠᠭᠤᠯᠤᠨ ᠢᠷᠠᠵᠤ ᠭᠡᠦᠭᠡᠨ ᠢ ᠮᠢᠨᠢ ᠭᠤᠶᠤᠬᠤ ᠳᠤ ᠶᠡᠭᠡ ᠳᠤᠷᠠᠳᠠᠢ ᠪᠠᠢ᠌ᠳᠠᠭ᠃ ᠣᠴᠢᠷ ᠨᠢ ᠭᠡᠦᠭᠡᠨ ᠭᠤᠶᠤᠬᠤ ᠪᠠᠷ ᠢᠷᠡᠭ᠍ᠰᠡᠨ ᠭᠦᠮᠤᠨ ᠶᠢᠡᠷ ᠪᠢ ᠵᠠᠪᠠᠯ ᠦᠪᠡᠷ ᠤᠨ ᠰᠠᠨᠠᠭᠠᠨ ᠳᠠᠭᠠᠨ ᠭᠦᠷᠳᠡᠯ᠎ᠡ ᠳᠠᠭᠤᠯᠠᠭᠤᠯᠵᠤ ᠪᠠᠢ᠌ᠭᠠᠤᠨ ᠰᠠ‍‌ᠶᠢ ᠭᠡᠦᠭᠡᠨ ᠶᠢᠡᠨ ᠪᠣᠭᠳᠤᠯᠠᠵᠤ ᠦᠭ‍ᠭᠦ ᠪᠠᠷ ᠵᠥᠪᠰᠢᠶᠡᠷᠡᠳᠡᠭ᠌᠃ ᠭᠡᠯᠡᠯᠭᠡᠨ ᠦᠭᠡᠶ ᠳᠡᠭᠦᠨ ᠤ ᠳᠠᠭᠤᠯᠠᠭᠰᠠᠨ ᠤ ᠬᠠᠷᠢᠭᠤ ᠳᠤ ᠪᠢ ᠴᠤ ᠮᠡᠳᠡᠳᠡᠭ᠌ ᠳᠠᠭᠤᠤ ᠪᠠᠨ ᠦᠯᠡᠳᠡᠭᠡᠯ ᠦᠭᠡᠶ ᠳᠠᠭᠤᠯᠠᠵᠤ ᠥᠭ᠍ᠳᠡᠭ᠌᠃ ᠣᠳᠤ ᠪᠣᠳᠤᠪᠠᠯ ᠮᠢᠨᠤ ᠳᠠᠭᠤᠤ ᠰᠤᠨᠢᠷᠬᠠᠳᠠᠭ ᠳᠤᠷᠠᠰᠢᠯ ᠳᠠᠷᠠ ᠦᠶ᠎ᠡ ᠳᠤ ᠥᠡᠳᠦᠰᠦᠯᠡᠭ᠍ᠰᠡᠨ ᠴᠤ ᠪᠠᠢ᠌ᠵᠤ ᠮᠠᠳᠠᠨ᠎ᠡ᠃ ᠡᠪᠦᠯ ᠳᠡᠭᠡᠨ ᠪᠣᠯ ᠭᠦᠷᠢᠶ᠎ᠡ ᠬᠠᠰᠢᠶᠠᠨ ᠤ ᠨᠠᠷᠠᠨ ᠡᠭᠡᠪᠦᠷ ᠡᠷᠢᠵᠤ ᠭᠡᠳᠦᠭᠦᠯᠡ ᠡᠰᠢ ᠳᠠᠰᠢ ᠪᠠᠬᠠᠨ ᠬᠤᠯᠭᠢᠴᠢᠬᠠᠭᠠᠤᠨ ᠠᠢ᠌ᠯ ᠤᠨ ᠣᠷᠢᠳᠠᠭᠢ ᠭᠤᠤᠯ ᠤᠨ ᠮᠦᠰᠤᠨ ᠳᠤ ᠭᠦᠷᠴᠤ ᠳᠤᠬᠤ ᠳᠤᠯᠤᠭᠠᠢ ᠪᠠᠨ ᠬᠠᠭᠠᠯᠤᠮᠠᠷᠬᠠᠨ ᠣᠨᠠᠵᠤ ᠳᠤᠰᠤᠨ ᠳᠡᠰᠢᠯᠴᠡᠭᠡᠳ ᠭᠠᠷ ᠨᠢᠭᠤᠷ ᠶᠢᠡᠨ ᠭᠦᠭᠡᠷᠡᠵᠤ ᠪᠣᠷᠤᠯᠠᠳᠠᠯ᠎ᠠ ᠭᠦᠭᠡᠷᠴᠡᠭᠡᠭᠡᠳ ᠭᠤᠤᠯ ᠡᠴᠡ ᠤᠢ᠌ᠷᠠᠬᠠᠨ ᠠᠢ᠌ᠯ ᠤᠨ ᠡᠪᠦᠭᠡ ᠶᠢᠨ ᠳᠤ ᠭᠦᠷᠴᠤ ᠭᠡᠳᠡᠰᠤ ᠪᠠᠨ ᠭᠤᠯᠣᠢ᠌ᠳᠠᠯ᠎ᠠ ᠳᠦᠭᠦᠷᠭᠡᠵᠤ ᠠᠪᠣᠭᠠᠤᠨ ᠬᠠᠯᠠᠭᠤᠨ ᠬᠠᠩᠵᠤᠨ ᠳᠡᠭᠡᠷ᠎ᠡ ᠨᠢ ᠰᠠᠭᠤᠯᠴᠠᠨ ᠢᠳᠠᠰᠢ ᠣᠤᠭᠤᠰᠢ ᠪᠠᠨ ᠰᠠᠭᠤᠳᠠᠯ᠎ᠠ ᠱᠠᠭ᠎ᠠ ᠨᠢᠰᠦᠯᠴᠡᠭᠦ ᠪᠣᠶᠤ ᠳᠠᠪᠤᠨ ᠴᠢᠯᠠᠭᠤ ᠬᠠᠶᠠᠯᠴᠠᠭᠠᠤᠨ ᠬᠠᠰᠢᠷᠠᠬᠤ ᠪᠣᠯᠬᠤ ᠪᠠᠷ ᠪᠣᠷᠭᠠᠰᠤᠨ ᠮᠤᠷᠢ ᠪᠠᠨ ᠵᠠᠢ᠌ᠳᠠᠯᠵᠠᠭᠠᠨ ᠠᠢ᠌ᠯ ᠤᠨ ᠳᠤᠮᠳᠠᠭᠤᠷ ᠳᠤᠭᠤᠰᠤ ᠪᠣᠳᠠᠷᠠᠭᠤᠯᠤᠨ ᠨᠠᠰᠢ ᠴᠠᠰᠢ ᠳᠠᠪᠭᠢᠭᠤᠯᠵᠤ ᠡᠭᠢᠯᠡᠳᠡᠭ᠌᠃ ᠢᠩᠭᠢᠵᠤ ᠳᠤᠭᠯᠠᠭᠰᠠᠭᠠᠷ ᠨᠢᠭᠡ ᠮᠡᠳᠡᠭᠦ ᠳᠤ ᠯᠠ ᠬᠠᠪᠣᠷ ᠤᠨ ᠣᠷᠢᠨ ᠳᠤᠯᠠᠭᠠᠨ ᠮᠠᠨ ᠤ ᠭᠡᠳᠦᠭᠦᠯᠡ ᠶᠢ ᠨᠢᠰᠤᠩᠬᠠᠢ ᠪᠣᠷᠤ ᠵᠢᠭᠠᠯ ᠤᠳ ᠭᠡᠵᠤ ᠭᠤᠯᠤᠯ ᠦᠭᠡᠶ ᠬᠠᠯᠠᠭᠤᠨ ᠡᠯᠢᠭᠡᠨ ᠳᠡᠭᠡᠨ ᠬᠠᠮᠤᠨ ᠪᠠᠭᠯᠠᠵᠤ ᠥᠭᠦᠭᠡᠷᠳᠤᠨ ᠪᠦᠪᠠᠢ᠌ᠯᠡᠭᠦ ᠳᠤ ᠪᠢᠳᠠ ᠪᠦᠷ ᠴᠤ ᠳᠠᠪᠰᠢᠭᠤᠷᠠᠭᠰᠠᠨ ᠪᠣᠯᠵᠤ ᠭᠦᠮᠤᠨ ᠪᠦᠷᠢ ᠨᠢᠭᠡ ᠵᠢᠵᠢᠭ᠌ ᠯᠤᠩᠬᠤ ᠠᠳᠬᠤᠨ᠂ ᠭᠡᠷᠡᠮ ᠤᠨ ᠨᠦᠮᠦᠷᠢ ᠪᠠᠷᠢᠨ ᠬᠤᠷᠤᠬᠠᠢ ᠰᠢᠪᠠᠵᠢ ᠳᠡᠭᠦᠨ ᠴᠤᠭᠯᠠᠭᠤᠯᠵᠤ ᠭᠦᠯᠦᠰᠤ ᠭᠠᠷᠳᠠᠯ᠎ᠠ ᠮᠤᠩᠭ᠋ᠠᠨᠢᠵᠠᠭᠠᠭᠠᠤᠨ᠂ ᠡᠴᠦᠰ ᠲᠤ ᠨᠢ ᠭᠦᠳᠡᠯᠮᠦᠷᠢ ᠶᠢᠨ ᠦᠷ᠎ᠡ ᠪᠦᠳᠦᠭᠡᠯ᠂ ᠭᠦᠷᠦᠩᠭᠡ ᠶᠢᠨ ᠣᠯᠠᠨ ᠴᠥᠭᠡᠨ ᠶᠢᠡᠨ ᠳᠡᠭᠦᠵᠤ ᠴᠤᠭᠯᠠᠭᠤᠯᠤᠭᠰᠠᠨ ᠬᠤᠷᠤᠬᠠᠢ ᠰᠢᠪᠠᠵᠢ ᠶᠢᠨ ᠳᠤᠭ᠎ᠠ ᠪᠠᠷ ᠶᠢᠡᠨ ᠪᠠᠷᠢᠮᠵᠢᠶᠠᠯᠠᠨ ᠳᠤᠭᠠᠴᠠᠯᠠᠵᠤ ᠭᠠᠷᠳᠠᠭ᠃ ᠳᠠᠷᠠ ᠦᠶ᠎ᠡ ᠶᠢᠨ ᠮᠠᠨ ᠤ ᠭᠡᠳᠦᠭᠦᠯᠡ ᠶᠢᠨ ᠲᠤᠭᠠᠨ ᠤ ᠣᠬᠠᠭᠠᠨ ᠤ ᠪᠠᠭᠰᠢ ᠮᠢᠨᠢ ᠳᠡᠳᠡᠭᠡᠷ ᠭᠦᠭᠡᠷᠦᠭᠦᠨ ᠬᠤᠷᠤᠬᠠᠢ ᠰᠢᠪᠠᠵᠢ ᠨᠤᠭᠤᠤᠳ ᠪᠠᠢ᠌ᠵᠠᠢ᠃ ᠳᠡᠭᠡᠭᠦ ᠳᠤ ᠪᠠᠭᠰᠢ ᠨᠡᠷ ᠮᠢᠨᠢ ᠰᠥᠢᠦᠡᠭᠡᠯ ᠬᠤᠷᠢᠶᠠᠳᠠᠭ ᠦᠭᠡᠶ ᠮᠦᠷᠳᠡᠭᠡᠨ ᠮᠠᠨ ᠤ ᠰᠤᠷᠤᠯᠭ᠎ᠠ ᠶᠢᠨ ᠳᠠᠷᠤᠭᠠᠰᠤ ᠶᠢ ᠴᠤ ᠭᠦᠡᠳᠦᠷᠡᠭᠦᠯᠳᠡᠭ᠌ ᠦᠭᠡᠶ ᠪᠢᠯᠠ᠃ ᠬᠠᠷᠢᠨ ᠪᠢᠳᠠ ᠪᠠᠶ᠎ᠠ ᠪᠠᠶ᠎ᠠ ᠡᠴᠡ ᠪᠠᠨ ᠬᠤᠴᠤᠷᠬᠤ ᠦᠭᠡᠶ ᠭᠡᠵᠤ ᠬᠤᠪᠢ ᠬᠤᠪᠢᠨ ᠳᠠᠭᠠᠨ ᠴᠢᠷᠮᠠᠢ᠌ᠳᠠᠭ ᠯᠠ ᠪᠠᠢ᠌ᠪᠠ᠃ ᠬᠤᠵᠢᠮ ᠨᠢ ᠪᠢ ᠨᠡᠢ᠌ᠭᠡᠮ ᠤᠨ ᠰᠢᠡᠵᠢᠯᠡᠭᠦ ᠣᠬᠠᠭᠠᠨ ᠤ ᠠᠩᠭᠢ ᠡᠴᠡ ᠶᠡᠭᠡ ᠰᠤᠷᠭᠠᠭᠤᠯᠢ ᠳᠤ ᠰᠢᠯᠭᠠᠭᠳᠠᠨ ᠣᠷᠤᠬᠤ ᠳᠤ ᠳᠤᠭᠠᠨ ᠤ ᠣᠬᠠᠭᠠᠨ ᠤ ᠭᠢᠷᠢ ᠪᠦᠳᠦᠮᠵᠢ ᠳᠠᠢ᠌ᠮᠤ ᠮᠠᠭᠤ ᠪᠢᠰᠢ ᠪᠠᠢ᠌ᠭᠰᠠᠨ ᠨᠢ ᠪᠠᠭ᠎ᠠ ᠶᠢᠨ ᠦᠶ᠎ᠡ ᠶᠢᠨ ᠪᠠᠭᠰᠢ ᠨᠡᠷ ᠤᠨ ᠰᠠᠢ᠌ᠨ ᠪᠠᠢ᠌ᠵᠤ ᠮᠠᠳᠠᠨ᠎ᠡ᠃ ᠬᠨ᠂ ᠮᠢᠨᠤ ᠪᠠᠭ᠎ᠠ ᠶᠢᠨ ᠭᠦᠭᠡᠷᠦᠭᠦᠨ ᠣᠯᠠᠨ ᠪᠠᠭᠰᠢ ᠨᠡᠷ ᠮᠢᠨᠢ᠂ ᠪᠢᠳᠠ ᠳᠠᠨ ᠶᠢᠡᠷ ᠶᠢᠡᠨ ᠳᠤᠭᠯᠠᠵᠤ ᠪᠠᠷᠠᠪᠠᠯ ᠳᠠᠨ ᠢ ᠠᠯᠠᠵᠤ ᠨᠢᠳᠤᠯᠤᠯ ᠦᠭᠡᠶ ᠭᠡᠷ ᠣᠷᠤᠨ ᠳᠤ ᠴᠢᠨᠢ ᠪᠣᠴᠠᠭᠠᠵᠤ ᠪᠠᠢ᠌ᠭᠰᠠᠨ ᠤ ᠣᠴᠢᠷ ᠢ ᠳᠠ ᠣᠳᠤ ᠣᠢ᠌ᠯᠠᠭᠠᠪᠠᠤ︖ ᠬᠡᠦᠬᠡᠳ ᠭᠦᠮᠤᠨ ᠳᠤ ᠴᠤ ᠬᠡᠦᠬᠡᠳ ᠤᠨ ᠭᠦᠨ ᠣᠬᠠᠭᠠᠨ ᠪᠠᠢ᠌ᠳᠠᠭ ᠪᠠᠢ᠌ᠵᠠᠢ᠃ ᠬᠠᠪᠣᠷ ᠵᠤᠨ ᠭᠡᠵᠤ ᠬᠡᠦᠬᠡᠳ ᠪᠠᠭᠠᠴᠤᠤᠯ ᠤᠨ ᠴᠡᠴᠡᠭ᠍ᠳᠤ ᠣᠯᠠᠷᠢᠯ ᠪᠠᠢ᠌ᠵᠤ ᠬᠡᠦᠬᠡᠳ ᠤᠳ ᠪᠢᠳᠠ ᠡᠪᠠᠰᠤ ᠨᠤᠭᠤᠭ᠎ᠠ ᠲᠡᠶ ᠪᠠᠨ ᠮᠦᠷᠣᠢ᠌ᠴᠠᠨ ᠦᠰᠴᠦ ᠣᠷᠭᠤᠵᠤ ᠪᠠᠢ᠌ᠭᠠᠤᠨ ᠯᠠ ᠨᠠᠮᠤᠷ ᠶᠢᠡᠨ ᠣᠭᠳᠤᠭᠠᠤᠨ ᠠᠪᠬᠤ ᠨᠢ ᠳᠠᠷᠠ᠃ ᠨᠠᠮᠤᠷ ᠤᠨ ᠰᠢᠵᠢᠷ ᠠᠯᠳᠠᠨ ᠣᠯᠠᠷᠢᠯ ᠳᠤ ᠠᠬᠠᠮᠠᠤᠨ ᠳᠤᠮᠤᠤᠴᠤᠳ ᠭᠡᠭᠡᠷ᠎ᠡ ᠶᠢᠨ ᠠᠵᠢᠯ ᠳᠤ ᠪᠠᠨ ᠶᠠᠭᠠᠷᠠᠯᠳᠤᠪᠠᠯ ᠭᠡᠷ ᠲᠤ ᠪᠠᠨ ᠬᠤᠴᠤᠷᠤᠭᠰᠠᠨ ᠪᠢᠳᠠ ᠵᠥᠭᠡᠷ ᠰᠠᠭᠤᠬᠤ ᠪᠢᠰᠢ ᠳ᠋ᠠ᠂ ᠳᠠᠭᠠᠭᠠᠴᠢᠯᠠᠭᠰᠠᠨ ᠭᠡᠷ ᠭᠠᠳᠠᠨᠠᠭᠢ ᠠᠷᠰᠠᠷ ᠠᠵᠢᠯ ᠶᠢᠡᠨ ᠭᠢᠭᠡᠳ ᠪᠠᠷᠠᠪᠠᠯ ᠪᠠᠰᠠ ᠯᠠ ᠨᠠᠭᠠᠳᠤᠭᠠᠤᠨ ᠡᠭᠢᠯᠡᠭᠦ ᠨᠢ ᠳᠠᠷᠠ᠃ ᠳᠭᠡᠭᠦ ᠳᠤ ᠠᠩᠭ᠎ᠠ ᠳᠡᠭᠦᠤ ᠨᠡᠷ ᠶᠢᠡᠨ ᠬᠠᠷᠠᠭᠠᠯᠵᠠᠬᠤ ᠪᠣᠶᠤ ᠬᠠᠰᠢᠶ᠎ᠠ ᠭᠦᠷᠢᠶ᠎ᠡ ᠪᠠᠨ ᠬᠠᠷᠠᠬᠤ ᠠᠵᠢᠯ ᠭᠤᠤᠯᠳᠠᠬᠤ ᠪᠣᠯᠬᠤᠷ ᠪᠢᠳᠠ ᠭᠡᠷ ᠡᠴᠡ ᠪᠠᠨ ᠬᠤᠯᠠᠳᠠᠵᠤ ᠴᠢᠳᠠᠬᠤ ᠦᠭᠡᠶ᠃ ᠪᠢ ᠴᠢᠨᠢ ᠨᠠᠭᠠᠳᠤᠮ ᠳᠤ ᠠᠪᠢᠶᠠᠰ ᠲᠡᠶ ᠪᠠᠷ ᠶᠢᠡᠨ ᠳᠠᠳᠠᠨ ᠶᠢᠡᠨ ᠵᠤᠬᠢᠶᠠᠨ ᠪᠠᠢ᠌ᠭᠤᠯᠵᠤ ᠣᠯᠠᠭᠠᠠᠮᠦ᠋ᠴᠢᠷ ᠤᠨ ᠳᠤᠭᠯᠠᠯᠳᠠ ᠭᠠᠷᠭᠠᠨ᠂ ᠵᠠᠯ᠎ᠠ ᠣᠳᠠᠰᠤᠨ ᠳᠤ ᠡᠯᠭᠦᠭᠡᠰᠦᠳᠡᠢ ᠭᠦᠡᠵᠢᠯᠡ ᠳᠡᠪᠢᠰᠭᠡᠷ ᠤᠨ ᠠᠷᠤ ᠦᠪᠣᠷ ᠶᠢᠡᠷ ᠣᠷᠤᠨ ᠭᠠᠷᠤᠨ ᠳᠠᠭᠤᠯᠠᠵᠤ ᠪᠦᠵᠢᠭᠯᠡᠨ ᠴᠠᠭ ᠨᠥᠭ᠍ᠴᠢᠭᠡᠳᠡᠭ᠌ ᠪᠠᠢ᠌ᠪᠠ᠃ ᠳᠠᠷᠠ ᠦᠶ᠎ᠡ ᠳᠤ ᠬᠤᠳᠠ ᠡᠴᠡ ᠢᠷᠡᠭ᠍ᠰᠡᠨ ᠰᠡᠭᠡᠭᠡᠳᠡᠳ ᠤᠨ ᠳᠠᠭᠤᠯᠠᠭᠤ ᠪᠦᠵᠢᠭᠯᠡᠭᠦ ᠶᠢ ᠪᠢ ᠣᠠᠴᠠ ᠪᠠᠬᠠᠷᠬᠠᠳᠠᠭ ᠪᠣᠯᠬᠤᠷ ᠴᠢᠳᠠᠬᠤ ᠶᠢᠨ ᠭᠢᠷᠢ ᠳᠡᠭᠡᠨ ᠳᠠᠳᠠᠨ ᠡᠴᠡ ᠰᠤᠷᠤᠯᠴᠠᠬᠤ ᠶᠢ ᠭᠢᠴᠢᠶᠠᠨ ᠭᠡᠳᠤᠨ ᠬᠠᠨᠢᠳᠠᠤᠨ ᠶᠢᠡᠨ ᠴᠤ ᠳᠠᠳᠠᠨ ᠶᠢᠡᠷ ᠪᠠᠷᠢᠮᠵᠢᠶ᠎ᠠ ᠪᠣᠯᠭᠠᠨ ᠱᠠᠭᠠᠷᠳᠠᠳᠠᠭ ᠪᠠᠢ᠌ᠪᠠ ᠰᠢᠤ᠂ ᠪᠢ ᠴᠢᠨᠢ᠃ ᠬᠤᠵᠢᠮ ᠨᠢ ᠮᠠᠨ ᠤ ᠭᠡᠳᠦᠭᠦᠡᠯᠡ ᠶᠢᠨ ᠳᠤᠮᠳᠠ ᠡᠴᠡ ᠬᠡᠳᠦᠢ᠌ᠪᠡᠷ ᠳᠠᠳᠮ᠎ᠠ᠂ ᠤᠳᠦᠡᠭᠡᠷᠡᠯ ᠰᠢᠭ᠌ ᠪᠦᠵᠢᠭ᠍ᠴᠢᠨ ᠳᠠᠭᠤᠴᠢᠨ ᠴᠤᠯᠭᠤᠷᠠᠭᠰᠠᠨ ᠦᠭᠡᠶ ᠴᠤ ᠰᠤᠯᠤᠭᠠᠢ ᠪᠣᠷᠤᠭᠤ ᠬᠤᠭᠤᠯᠠᠢ ᠲᠡᠶ ᠪᠣᠶᠤ ᠮᠤᠰᠢᠭᠠᠢ ᠬᠠᠵᠠᠭᠠᠢ ᠪᠠᠶ᠎ᠠ ᠲᠡᠶ ᠭᠦᠮᠤᠨ ᠭᠠᠷᠤᠭᠰᠠᠨ ᠦᠭᠡᠶ ᠨᠢ ᠳᠠᠷᠠ ᠦᠶ᠎ᠡ ᠳᠤ ᠪᠢ ᠰᠤᠷᠤᠭᠴᠢᠳ ᠲᠠᠭᠠᠨ ᠠᠳᠠᠯᠢ ᠳᠡᠭ᠍ᠰᠢ ᠬᠠᠠᠳᠤᠭᠰᠠᠨ ᠤ ᠰᠠᠢ᠌ᠨ ᠪᠠᠢ᠌ᠵᠤ ᠮᠠᠳᠠᠨ᠎ᠡ᠃

ᠣᠳᠤ ᠪᠠᠭ᠎ᠠ ᠨᠠᠰᠤ ᠮᠢᠨᠢ ᠰᠠᠢ᠌ᠨ ᠰᠠᠢ᠌ᠬᠠᠨ ᠳᠤᠷᠠᠳᠬᠠᠯ ᠪᠦᠭᠦᠨ ᠶᠢᠡᠨ ᠬᠠᠷᠠᠮ ᠦᠭᠡᠶ ᠬᠤᠴᠤᠷᠭᠠᠭᠠᠤᠨ ᠪᠣᠴᠠᠰᠢ ᠦᠭᠡᠶ ᠬᠤᠯᠠᠳᠠᠨ ᠣᠤᠠᠴᠠᠢ᠃ ᠪᠢ ᠡᠨᠡᠭᠦ ᠡᠯᠢᠭᠡ ᠳᠠᠪᠳᠤᠮ᠎ᠠ ᠳᠤᠷᠠᠳᠬᠠᠯ ᠶᠢᠡᠨ ᠡᠷᠭᠢᠴᠡᠭᠦᠯᠭᠦ ᠪᠦᠷᠢ ᠪᠠᠭ᠎ᠠ ᠨᠠᠰᠤᠨ ᠤ ᠣᠯᠠ ᠮᠦᠷ ᠢ ᠡᠪᠴᠢᠭᠦᠨ ᠳᠡᠭᠡᠨ ᠳᠠᠮᠠᠭᠠᠯᠠᠭᠰᠠᠨ ᠳᠦᠷᠦᠭ᠍ᠰᠡᠨ ᠨᠤᠳᠤᠭ ᠶᠢᠡᠨ ᠡᠷᠭᠡ ᠦᠭᠡᠶ ᠰᠠᠨᠠᠭᠠᠯᠵᠠᠨ᠎ᠠ᠃


ᠵᠤᠬᠢᠶᠠᠭᠴᠢ ᠶᠢᠨ ᠬᠠᠶ‍ᠢᠭ᠄ ᠬᠤᠤᠯᠢᠨ ᠭᠤᠤᠯ

ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2688
ᠴᠠᠭ᠄ 2010 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ