ᠰᠢᠷᠭ᠎ᠠ ᠶᠢᠨ ᠳᠠᠯ᠎ᠠ
᠊᠊᠊᠊᠊᠊᠊᠊᠊᠊᠊᠊᠊᠊᠊ ᠨᠡᠭᠦᠳᠡᠯᠡᠭᠡᠳ ᠶᠠᠪᠣᠭᠰᠠᠨ ᠰᠢᠷᠭ᠎ᠠ ᠶᠢᠨ ᠳᠠᠯ᠎ᠠ ᠶᠢ ᠥᠵᠡᠭᠡᠳ

                

ᠰᠠᠠᠴᠢᠭ ᠨᠢ ᠪᠣᠭᠤᠷᠤᠯᠳᠤᠭᠰᠠᠨ

ᠰᠢᠷᠠᠭ᠎ᠠ ᠶᠢᠨ ᠳᠠᠯ᠎ᠠ

ᠰᠠᠷᠠᠩ ᠭᠤᠳᠤᠷᠠᠩ ᠡᠪᠠᠰᠤᠨ ᠳᠤ ᠪᠦᠷᠳᠡᠯᠵᠡᠭᠡᠳ

ᠰᠡᠯᠡᠭᠦᠴᠡᠨ ᠭᠤᠳᠣᠢ᠌ᠬᠤ

ᠰᠢᠨᠠ ᠶᠢᠨ ᠭᠡᠪᠠᠯᠢ

ᠢᠴᠠᠵᠤ ᠳᠤᠷᠠᠭᠠᠤᠨ

ᠡᠡᠭ᠍ᠭᠦᠯ ᠳᠤᠩᠬᠤᠯ

ᠦᠷᠠᠵᠤ ᠳᠠᠰᠤᠷᠠᠭᠰᠠᠨ ᠳᠠᠮᠤᠷ ᠣᠳᠠᠰᠤ

ᠥᠭᠢᠷᠡᠵᠤ ᠣᠨᠠᠭᠰᠠᠨ ᠪᠠᠭᠠᠨ᠎ᠠ ᠡᠴᠠ

ᠥᠭᠦᠨ ᠵᠢᠭᠤᠷᠠᠵᠤ

ᠡᠪᠦᠭᠡ ᠡᠴᠠ

ᠥᠮᠴᠢᠯᠡᠭᠦᠯᠵᠤ ᠬᠠᠢ᠌ᠷᠠᠯᠠᠭᠰᠠᠨ

ᠥᠭ᠍ᠭᠢᠶᠡᠮᠦᠷᠴᠢ ᠪᠠᠶᠠᠨ ᠨᠤᠳᠤᠭ ᠵᠢᠠᠨ

ᠥᠭᠡᠷ᠎ᠡ ᠪᠣᠰᠤᠳ ᠢ ᠬᠠᠯᠳᠠᠭᠠᠬᠤ ᠥᠭᠡᠢ

ᠦᠶ᠎ᠡ ᠶᠢᠨ ᠦᠶ᠎ᠡ ᠰᠠᠭᠢᠭᠠᠤᠨ

ᠡ᠊ᠨᠳᠡ ᠳᠠᠠᠳᠠ

ᠡᠷᠦᠢ ᠬᠤᠷᠤᠢ᠃

ᠭᠡᠳᠡᠭᠡᠨ᠎ᠡ ᠶᠢᠨ ᠨᠥᠭᠡ ᠪᠠᠷ ᠳᠦᠭᠦᠷᠦᠭ᠍ᠰᠡᠨ

ᠬᠤᠳᠠ ᠭᠡᠷᠡᠮ ᠤᠨ ᠣᠷᠤᠢ

ᠬᠠᠮᠬᠤᠤᠯ ᠰᠢᠷᠠᠯᠵᠢ ᠳᠤ ᠪᠦᠷᠭᠦᠭ᠍ᠳᠡᠵᠤ

ᠣᠩᠭ᠋ᠣᠢ᠌ᠵᠤ ᠰᠡᠳᠡᠷᠡᠭ᠍ᠰᠡᠨ

ᠡᠭᠦᠳᠡ ᠴᠤᠩᠬᠤ ᠪᠠᠷ

ᠦᠯᠡᠮᠵᠢ ᠬᠠᠷᠢᠶᠠᠴᠢ ᠰᠥᠯᠵᠢᠯᠳᠦᠭᠡᠳ

ᠨᠠᠰᠢ ᠴᠠᠰᠢ

ᠣᠷᠤᠨ᠎ᠠ ᠭᠠᠷᠤᠨ᠎ᠠ᠃

ᠡᠷᠦᠭᠡ ᠪᠣᠯᠭᠠᠨ ᠤ ᠡᠵᠡᠭᠦᠢ ᠳ᠋ᠤ

ᠦᠩ ᠦᠷᠭᠡᠨ ᠪᠠᠯᠴᠢᠭᠡᠷ ᠳᠡᠭᠡᠷ᠎ᠡ

ᠡᠷᠭᠡ ᠳᠤᠷ᠎ᠠ ᠪᠠᠷ ᠭᠦᠶ‍ᠦᠯᠳᠦᠭ᠍ᠰᠡᠨ

ᠡᠯᠵᠢᠭᠡᠨ ᠰᠦᠷᠦᠭ᠌

ᠦᠭᠡᠷᠡᠯᠴᠡᠵᠤ ᠢᠰᠭᠦᠯᠴᠡᠭᠡᠳ

ᠭᠦᠡᠳᠡᠯᠡᠨ ᠭᠤᠤᠯᠳᠤ  ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1716
ᠴᠠᠭ᠄ 2011 ᠤᠨ ᠤ 12 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ