ᠠᠭᠤᠴᠢᠯᠠᠭᠠᠴᠢ
᠊᠊᠊᠊᠊᠊᠊᠊᠊᠊᠊᠊᠊᠊᠊ ᠳᠠᠭᠤᠨ ᠤ ᠥᠭᠡ


ᠠᠭᠤᠷᠯᠠᠵᠤ ᠭᠡᠯᠡᠭ᠍ᠰᠡᠨ ᠭᠠᠭᠴᠠᠬᠠᠨ ᠥᠭᠡᠨ ᠳᠤ᠂ ᠴᠢ ᠮᠢᠨᠢ ᠭᠤᠮᠤᠳᠠᠵᠤ

ᠠᠭᠤᠴᠢᠯᠠᠭᠠᠴᠢ ᠭᠡᠵᠤ ᠭᠡᠯᠡᠭᠦ ᠶᠢᠨ ᠵᠠᠪ ᠦᠭᠡᠶ ᠬᠠᠭᠠᠯᠭ᠎ᠠ ᠬᠠᠭᠠᠭᠳᠠᠯ᠎ᠠ᠂

ᠬᠠᠭᠠᠯᠭ᠎ᠠ ᠳᠠᠭᠠᠭᠰᠠᠨ ᠭᠦᠢᠳᠡᠨ ᠵᠢᠪᠠᠷ᠂ ᠬᠠᠴᠠᠷ ᠢ ᠠᠯᠠᠭᠠᠳᠠᠵᠤ

ᠬᠠᠢ᠌ᠷ᠎ᠠ ᠶᠢᠨ ᠨᠢᠯᠪᠣᠰᠤ ᠵᠢᠷᠦᠭᠡᠨ ᠳᠤ ᠰᠢᠩᠭᠡᠨ᠂ ᠵᠢᠩᠳᠠᠵᠤ ᠬᠤᠴᠤᠷᠤᠯ᠎ᠠ

      ᠴᠢᠭᠢᠨ ᠤ ᠳᠡᠷᠭᠡᠳᠡ ᠴᠢᠨᠤ ᠠᠮᠢᠰᠬᠤᠬ᠎ᠠ᠂ ᠰᠤᠨᠤᠰᠳᠠᠭᠠᠤᠨ ᠪᠠᠢ᠌ᠨ᠎ᠠ

      ᠰᠢᠪᠠᠨᠠᠨ ᠭᠡᠯᠡᠭᠦ ᠴᠢᠨᠤ ᠥᠭᠡᠰ᠂ ᠰᠠᠨᠠᠭᠳᠠᠭᠠᠤᠨ ᠪᠠᠢ᠌ᠨ᠎ᠠ

      ᠬᠠᠢ᠌ᠷᠠᠳᠠᠢ ᠰᠢᠤ︕ ᠴᠢᠮ᠎ᠠ ᠳᠠᠭᠠᠨ ᠭᠦᠷᠦᠭᠡᠳ ᠢᠷᠡᠭᠡᠴᠢ

      ᠭᠦᠯ ᠤᠨ ᠴᠢᠮᠡᠭᠡ ᠰᠤᠨᠤᠰᠳᠠᠨ᠂ ᠬᠠᠭᠠᠯᠭ᠎ᠠ ᠨᠡᠭᠡᠭ᠍ᠳᠡᠭᠡᠴᠢ

ᠦᠵᠦᠮ ᠤᠨ ᠳᠠᠷᠠᠰᠤ ᠰᠥᠭ᠍ᠨᠡᠨ ᠰᠠᠭᠤᠵᠤ᠂ ᠥᠭᠡ ᠶᠢ ᠮᠢᠨᠢ ᠰᠤᠨᠤᠰᠤᠭᠠᠴᠢ

ᠦᠳᠡᠰᠢ ᠶᠢᠨ ᠴᠢᠯᠦᠭᠡᠨ ᠳᠤ ᠭᠦᠯᠭᠦᠭᠦ ᠵᠠᠪ ᠶᠢᠡᠷ᠂ ᠵᠢᠷᠦᠭᠡ ᠶᠢ ᠮᠢᠨᠢ ᠴᠢᠩᠨᠠᠭᠠᠴᠢ

ᠥᠭᠡ ᠥᠭᠡ ᠶᠢᠨ ᠣᠷᠠᠨ ᠨᠢ᠂ ᠦᠨᠡᠨ ᠳᠡᠭᠡᠨ ᠪᠠᠢ᠌ᠳᠠᠭ ᠶᠤᠮ

ᠦᠷᠤ ᠵᠢᠷᠦᠭᠡᠨ ᠤ ᠬᠠᠢ᠌ᠷ᠎ᠠ ᠮᠢᠨᠢ᠂ ᠦᠷᠤᠴᠠᠨ ᠳᠡᠭᠡᠨ ᠪᠠᠭᠳᠠᠳᠠᠭ ᠶᠤᠮ

      ᠴᠢᠭᠢᠨ ᠤ ᠳᠡᠷᠭᠡᠳᠡ ᠴᠢᠨᠤ ᠠᠮᠢᠰᠬᠤᠬ᠎ᠠ᠂ ᠰᠤᠨᠤᠰᠳᠠᠭᠠᠤᠨ ᠪᠠᠢ᠌ᠨ᠎ᠠ

      ᠰᠢᠪᠠᠨᠠᠨ ᠭᠡᠯᠡᠭᠦ ᠴᠢᠨᠤ ᠥᠭᠡᠰ᠂ ᠰᠠᠨᠠᠭᠳᠠᠭᠠᠤᠨ ᠪᠠᠢ᠌ᠨ᠎ᠠ

      ᠬᠠᠢ᠌ᠷᠠᠳᠠᠢ ᠰᠢᠤ ︕ ᠴᠢᠮ᠎ᠠ ᠳᠠᠭᠠᠨ᠂ ᠭᠦᠷᠦᠭᠡᠳ ᠢᠷᠡᠭᠡᠴᠢ

      ᠭᠦᠯ ᠤᠨ ᠴᠢᠮᠡᠭᠡ ᠰᠤᠨᠤᠰᠳᠠᠨ᠂ ᠬᠠᠭᠠᠯᠭ᠎ᠠ ᠨᠡᠭᠡᠭ᠍ᠳᠡᠭᠡᠴᠢ

ᠠᠭᠤᠴᠢᠯᠠᠭᠠᠴᠢ ᠭᠡᠵᠤ ᠪᠢ ᠴᠢᠮ᠎ᠠ ᠳᠠᠭᠠᠨ᠂ ᠰᠥᠭᠦᠷᠡᠨ ᠭᠤᠶᠤᠶ᠎ᠠ

ᠠᠭᠤᠷᠯᠠᠵᠤ ᠭᠡᠯᠡᠭ᠍ᠰᠡᠨ ᠥᠭᠡ ᠪᠦᠭᠦᠨ ᠶᠢᠡᠨ᠂ ᠦᠪᠡᠷ ᠲᠡᠭᠡᠨ ᠪᠣᠴᠠᠭᠠᠶ᠎ᠠ

ᠠᠩᠬᠠᠯᠠᠵᠤ ᠬᠠᠷᠠᠭᠰᠠᠨ ᠬᠠᠢ᠌ᠷ᠎ᠠ ᠶᠢᠨ ᠬᠠᠷᠠᠴᠠ ᠪᠠᠷ᠂ ᠨᠠᠮ᠎ᠠ ᠶᠢ ᠰᠢᠷᠳᠡᠭᠡᠴᠢ

ᠠᠷᠢᠭᠤᠨ ᠬᠠᠢ᠌ᠷ᠎ᠠ ᠶᠢᠨ ᠳᠤᠷᠠᠯᠠᠯ ᠰᠢᠪᠠᠨᠠᠨ᠂ ᠨᠠᠳᠠ ᠳᠠᠭᠠᠨ ᠢᠷᠡᠭᠡᠴᠢ

      ᠴᠢᠭᠢᠨ ᠤ ᠳᠡᠷᠭᠡᠳᠡ ᠴᠢᠨᠤ ᠠᠮᠢᠰᠬᠤᠬ᠎ᠠ᠂ ᠰᠤᠨᠤᠰᠳᠠᠭᠠᠤᠨ ᠪᠠᠢ᠌ᠨ᠎ᠠ

      ᠰᠢᠪᠠᠨᠠᠨ ᠭᠡᠯᠡᠭᠦ ᠴᠢᠨᠤ ᠥᠭᠡᠰ᠂ ᠰᠠᠨᠠᠭᠳᠠᠭᠠᠤᠨ ᠪᠠᠢ᠌ᠨ᠎ᠠ

      ᠬᠠᠢ᠌ᠷᠠᠳᠠᠢ ᠰᠢᠤ︕ ᠴᠢᠮ᠎ᠠ ᠳᠠᠭᠠᠨ᠂ ᠭᠦᠷᠦᠭᠡᠳ ᠢᠷᠡᠭᠡᠴᠢ

      ᠭᠦᠯ ᠤᠨ ᠴᠢᠮᠡᠭᠡ ᠰᠤᠨᠤᠰᠳᠠᠨ᠂ ᠬᠠᠭᠠᠯᠭ᠎ᠠ ᠨᠡᠭᠡᠭ᠍ᠳᠡᠭᠡᠴᠢ᠃


             2009.7


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠬᠠᠷᠢᠶ᠎ᠠ᠄ ᠰᠢᠯᠦᠭ
ᠳᠠᠷᠤᠮ᠄ 1900
ᠴᠠᠭ᠄ 2011 ᠤᠨ ᠤ 01 ᠰᠠᠷ᠎ᠠ ᠶᠢᠨ 07