ᠬᠠᠷ᠎ᠠ ᠭᠦᠤ ᠮᠠᠨᠢ ᠭᠢᠯᠢ ᠶᠢᠨ ᠴᠠᠭᠠᠨ᠎ᠠ ᠰᠠᠭᠤᠳᠠᠭ

ᠬᠤᠯᠠ ᠶᠢᠨ ᠬᠤᠯᠠ ᠭᠢᠯᠢ ᠶᠢᠨ ᠴᠠᠭᠠᠨ᠎ᠠ

ᠬᠠᠷ᠎ᠠ ᠭᠦᠤ ᠮᠢᠨᠢ ᠪᠠᠢ᠌ᠳᠠᠭ

ᠬᠠᠮᠢᠶ᠎ᠠ ᠦᠭᠡᠶ ᠥᠭᠡ ᠰᠢᠳᠡᠴᠢᠭᠡᠭᠡᠳ

ᠴᠢᠮ᠎ᠠ ᠶᠢ ᠳᠤᠭᠯᠠᠵᠤ ᠰᠠᠭᠤᠳᠠᠭ


ᠵᠤᠬᠢᠶᠠᠵᠤ ᠪᠢᠴᠢᠵᠤ ᠴᠢᠳᠠᠬᠤ ᠦᠭᠡᠶ ᠭᠡᠵᠤ

ᠵᠦᠷᠢᠭᠦᠯᠵᠤ ᠶᠠᠷᠢᠬᠤ ᠳᠤᠷ᠎ᠠ ᠲᠡᠶ ᠴᠤ

ᠨᠠᠢ᠌ᠷᠠᠭ ᠠᠢ᠌ᠷᠠᠭ ᠤᠨ ᠱᠦᠯᠦᠨ ᠳᠤ

ᠪᠣᠴᠠᠯᠵᠤ ᠶᠠᠪᠣᠬᠤ ᠣᠩᠭ᠋ᠤᠳ ᠲᠡᠶ


ᠨᠣᠢ᠌ᠳᠠᠨ ᠳᠤᠭᠤᠯ ᠰᠢᠭ ᠰᠢᠯᠦᠭ᠌ ᠢ ᠮᠢᠨᠢ

ᠳᠤᠷᠠᠯᠠᠯ ᠤᠨ ᠭᠦᠳᠦᠰᠤ ᠪᠠᠷ ᠪᠠᠭᠯᠠᠭᠠᠤᠨ

ᠣᠷᠠᠩᠬᠠᠢ ᠶᠠᠳᠠᠭᠤᠬᠠᠨ ᠪᠠᠳᠠᠭ ᠢ

ᠥᠭᠦᠭᠡᠷᠳᠡᠵᠤ ᠣᠩᠰᠢᠬᠤ ᠳᠤᠷ᠎ᠠ ᠳᠠᠢ


ᠦᠨᠡᠨ ᠬᠤᠳᠠᠯ ᠬᠤᠯᠢᠯᠳᠤᠭᠰᠠᠨ

ᠡᠷᠪᠠᠭᠡᠢ ᠰᠢᠭ᠌ ᠡᠷᠢᠶᠡᠨ ᠰᠦᠯᠵᠢᠶ᠎ᠠ ᠳ᠋ᠤ

ᠦᠨᠡᠨ ᠬᠠᠢ᠌ᠷ᠎ᠠ ᠶᠢᠨ ᠭᠦᠡᠳᠤ

ᠵᠢᠩ ᠳᠠᠷᠤᠬᠤ ᠦᠭᠡᠶ ᠭᠢᠮᠳᠠᠷᠠᠳᠠᠭ ᠴᠤ


ᠬᠠᠭᠠᠨ ᠰᠢᠭ᠌ ᠬᠠᠷ᠎ᠠ ᠭᠦᠤ

ᠬᠤᠷᠳᠤᠨ ᠭᠦᠯᠦᠭ᠌ ᠶᠢᠡᠷ ᠥᠯᠦᠭᠡᠢ᠌ᠳᠡᠭᠦᠯᠵᠤ

ᠬᠠᠢ᠌ᠷ᠎ᠠ ᠶᠢᠨ ᠢᠯᠴᠢᠨ ᠳᠤ ᠳᠤᠭᠵᠢᠷᠠᠭᠰᠠᠨ

ᠭᠦᠭᠡᠷᠦᠭᠦᠨ ᠭᠦᠩᠵᠤ ᠪᠠᠨ ᠠᠴᠢᠭᠠᠤᠨ


ᠬᠠᠯᠬ᠎ᠠ ᠶᠢᠨ ᠭᠤᠤᠯ ᠡᠴᠠ ᠱᠥᠭᠦᠭ᠍ᠰᠡᠨ

ᠬᠠᠳᠤᠨ ᠣᠯᠠᠭᠠᠨ ᠱᠢᠷᠤ ᠵᠢ

ᠬᠤᠷᠤᠭᠤᠨ ᠳᠤ ᠮᠢᠨᠢ ᠦᠨᠦᠰᠴᠤ ᠵᠡᠭᠦᠯᠭᠡᠯ᠎ᠡ ᠭᠡᠵᠤ

ᠬᠡᠦᠬᠡᠳ ᠰᠢᠭ᠌ ᠰᠠᠨᠠᠭᠠᠤᠨ ᠳᠤᠭᠳᠤᠯᠪᠠ


ᠬᠤᠯᠠ ᠶᠢᠨ ᠬᠤᠯᠠ ᠭᠢᠯᠢ ᠶᠢᠨ ᠴᠠᠭᠠᠨ᠎ᠠ

ᠬᠠᠷ᠎ᠠ ᠭᠦᠤ ᠮᠢᠨᠢ ᠪᠠᠢ᠌ᠳᠠᠭ

ᠬᠠᠮᠢᠶ᠎ᠠ ᠦᠭᠡᠶ ᠥᠭᠡ ᠰᠢᠳᠡᠴᠢᠭᠡᠭᠡᠳ

ᠴᠢᠮ᠎ᠠ ᠶᠢ ᠳᠤᠭᠯᠠᠵᠤ ᠰᠠᠭᠤᠳᠠᠭ


ᠴᠢᠪᠠᠭ᠎ᠠ ᠳᠤ 2012.02.22


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠠᠷᠤ ᠬᠤᠷᠴᠢᠨ

ᠵᠤᠬᠢᠶᠠᠭᠴᠢ᠄ ᠰᠠᠷᠠ
ᠬᠠᠷᠢᠶ᠎ᠠ᠄ ᠰᠢᠯᠦᠭ
ᠳᠠᠷᠤᠮ᠄ 1795
ᠴᠠᠭ᠄ 2012 ᠤᠨ ᠤ 02 ᠰᠠᠷ᠎ᠠ ᠶᠢᠨ 23