ᠠᠮᠠᠨ ᠣᠩᠰᠢᠯᠭ᠎ᠠ

      

ᠠᠯᠤᠰ ᠤᠨ ᠠᠶᠠᠨ ᠳᠤ ᠳᠠᠭᠠᠭᠠᠮᠠᠭᠠᠢ

ᠳᠡᠮᠡᠭᠡᠨ ᠤ ᠵᠤᠯᠵᠠᠭ᠎ᠠ ᠶᠢ ᠪᠣᠳᠤᠭᠤ ᠭᠡᠨ᠎ᠡ

ᠠᠳᠠᠷ ᠳᠠᠯ᠎ᠠ ᠪᠠᠷ ᠳᠠᠪᠭᠢᠯᠳᠤᠳᠠᠭ

ᠠᠳᠤᠭᠤᠨ ᠤ ᠵᠤᠯᠵᠠᠭ᠎ᠠ ᠶᠢ ᠣᠨᠠᠭ᠎ᠠ ᠭᠡᠨ᠎ᠡ

ᠠᠭᠤᠳᠠᠮ ᠭᠡᠭᠡᠷ᠎ᠡ ᠳᠤ ᠪᠠᠨ ᠢᠳᠡᠰᠢᠯᠡᠳᠡᠭ᠌

ᠢᠮᠠᠭᠠᠨ ᠤ ᠵᠤᠯᠵᠠᠭ᠎ᠠ ᠶᠢ ᠢᠰᠢᠭᠡ ᠭᠡᠨ᠎ᠡ

ᠠᠰᠤᠷᠤ ᠨᠤᠮᠤᠬᠠᠨ ᠵᠠᠩ ᠳᠠᠢ

ᠬᠤᠨᠢᠨ ᠤ ᠵᠤᠯᠵᠠᠭ᠎ᠠ ᠶᠢ ᠬᠤᠷᠠᠭ᠎ᠠ ᠭᠡᠨ᠎ᠡ

ᠠᠷᠠᠯ ᠤᠨ ᠱᠠᠷ ᠴᠤᠯᠠ ᠳᠠᠢ

ᠥᠭᠡᠷ ᠤᠨ ᠵᠤᠯᠵᠠᠭ᠎ᠠ ᠶᠢ ᠳᠤᠭᠤᠯ ᠭᠡᠨ᠎ᠡ

ᠠᠷᠢᠶᠠᠳᠠᠨ ᠤ ᠬᠠᠭᠠᠨ ᠬᠤᠴᠢ ᠳᠠᠢ

ᠠᠷᠰᠯᠠᠨ ᠤ ᠵᠤᠯᠵᠠᠭ᠎ᠠ ᠶᠢ ᠭᠦᠴᠦᠭ᠌ ᠭᠡᠨ᠎ᠡ

ᠠᠶᠤᠩᠭ᠎ᠠ ᠶᠢᠨ ᠶᠡᠭᠡ ᠭᠦᠷᠭᠢᠷᠡᠯᠳᠡ ᠳᠠᠢ

ᠪᠠᠷᠰ ᠤᠨ ᠵᠤᠯᠵᠠᠭ᠎ᠠ ᠶᠢ ᠪᠠᠮᠪᠠᠷ ᠭᠡᠨ᠎ᠡ

ᠠᠷᠳᠠᠭ ᠳᠤᠭᠰᠢᠨ ᠠᠭᠠᠰᠢ ᠳᠠᠢ

ᠪᠠᠭᠠᠪᠠᠭᠠᠢ ᠶᠢᠨ ᠵᠤᠯᠵᠠᠭ᠎ᠠ ᠶᠢ ᠪᠠᠮᠪᠣᠷᠰᠢ ᠭᠡᠨ᠎ᠡ


       ᠶ‍ᠢᠷᠳᠢᠠᠴᠤ ᠶᠢᠨ ᠶ‍ᠢᠰᠤᠨ ᠳᠠᠭᠠᠭᠠᠮᠠᠭᠠᠢ


ᠭᠠᠵᠠᠷ ᠨᠢ ᠣᠰᠤ ᠪᠠᠨ ᠳᠠᠭᠠᠭᠠᠨ᠎ᠠ

ᠣᠰᠤ ᠨᠢ ᠮᠦᠰᠤ ᠪᠠᠨ ᠳᠠᠭᠠᠭᠠᠨ᠎ᠠ

ᠮᠦᠰᠤ ᠨᠢ ᠮᠤᠷᠢ ᠪᠠᠨ ᠳᠠᠭᠠᠭᠠᠨ᠎ᠠ

ᠮᠤᠷᠢ ᠨᠢ ᠡᠮᠡᠭᠡᠯ ᠶᠢᠡᠨ ᠳᠠᠭᠠᠭᠠᠨ᠎ᠠ

ᠡᠮᠡᠭᠡᠯ ᠨᠢ ᠭᠦᠮᠤᠨ ᠶᠢᠡᠨ ᠳᠠᠭᠠᠭᠠᠨ᠎ᠠ

ᠭᠦᠮᠤᠨ ᠨᠢ ᠭᠦᠵᠦᠭᠦᠤ ᠪᠠᠨ ᠳᠠᠭᠠᠭᠠᠨ᠎ᠠ

ᠭᠦᠵᠦᠭᠦᠤ ᠨᠢ ᠳᠤᠯᠤᠭᠠᠢ ᠪᠠᠨ ᠳᠠᠭᠠᠭᠠᠨ᠎ᠠ

ᠳᠤᠯᠤᠭᠠᠢ ᠨᠢ ᠮᠠᠯᠠᠭᠠᠢ ᠪᠠᠨ ᠳᠠᠭᠠᠭᠠᠨ᠎ᠠ

ᠮᠠᠯᠠᠭᠠᠢ ᠨᠢ ᠵᠢᠩᠰᠠ ᠪᠠᠨ ᠳᠠᠭᠠᠭᠠᠨ᠎ᠠ


       ᠠᠭᠤᠯᠠᠨ ᠳᠠᠪᠠᠭ᠎ᠠ


ᠡᠨᠡ ᠳᠠᠪᠠᠭ᠎ᠠ ᠳᠠᠷᠠ ᠳᠠᠪᠠᠭ᠎ᠠ

ᠡᠷᠭᠢᠭᠡᠳ ᠢᠷᠠᠪᠠᠯ ᠠᠷᠪᠠᠨ ᠳᠠᠪᠠᠭ᠎ᠠ

ᠡᠨᠡ ᠳᠠᠪᠠᠭ᠎ᠠ ᠳᠠᠷᠠ ᠳᠠᠪᠠᠭ᠎ᠠ

ᠡ᠊ᠨᠳᠡᠭᠦᠷᠡᠭᠡᠳ ᠢᠷᠠᠪᠠᠯ ᠵᠠᠭᠤᠨ ᠳᠠᠪᠠᠭ᠎ᠠ

ᠳᠠᠩ ᠳᠠᠪᠠᠭ᠎ᠠ ᠳᠠᠪᠬᠤᠷ ᠳᠠᠪᠠᠭ᠎ᠠ

ᠳᠠᠪᠠᠭᠠᠤᠨ ᠢᠷᠠᠪᠠᠯ ᠮᠢᠩᠭ᠋ᠠᠨ ᠳᠠᠪᠠᠭ᠎ᠠ

ᠭᠦᠡᠳᠡᠢ ᠳᠠᠪᠠᠭ᠎ᠠ ᠭᠦᠳᠦᠯ ᠳᠠᠪᠠᠭ᠎ᠠ

ᠭᠦᠭᠡᠭᠡᠭᠡᠳ ᠢᠷᠠᠪᠠᠯ ᠲᠦᠮᠡᠨ ᠳᠠᠪᠠᠭ᠎ᠠ


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ

ᠵᠤᠬᠢᠶᠠᠭᠴᠢ᠄ ᠳᠠᠪᠠᠯᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 3420
ᠴᠠᠭ᠄ 2011 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ