ᠬᠠᠷ᠎ᠠ ᠳᠠᠷᠤᠵᠤ ᠰᠠᠷᠢᠨ᠎ᠠ

ᠣᠳᠤᠳ ᠨᠢ ᠭᠦᠷᠳᠡᠯ᠎ᠡ

ᠳᠤᠭᠤᠰᠤᠨ ᠳᠤ ᠳᠠᠷᠤᠭᠳᠠᠭᠰᠠᠨ

ᠪᠣᠷᠤ ᠪᠣᠭᠤᠮᠳᠠ ᠶᠢᠨ ᠠᠭᠠᠷ ᠬᠠᠬᠠᠨ᠎ᠠ  


ᠣᠷᠤᠢ ᠨᠢ ᠴᠤᠭᠤᠷᠠᠬᠠᠢ  

ᠨᠠᠪᠳᠠᠷᠬᠠᠢ ᠭᠦᠷᠮ᠎ᠡ ᠳᠠᠢ  

ᠭᠠᠭᠴᠠ ᠮᠤᠳᠤ ᠨᠢ ᠠᠨᠢᠷ ᠲᠤ ᠨᠢ ᠳᠤᠭᠳᠤᠯᠤᠨ᠎ᠠ


ᠠᠢ᠌ᠯ ᠠᠢ᠌ᠯ ᠤᠨ

ᠪᠣᠯᠵᠤᠮᠤᠷ ᠴᠤᠭᠯᠠᠭᠰᠠᠨ

ᠭᠦᠯ ᠳᠤ ᠣᠷᠤᠭ᠎ᠠ ᠦᠭᠡᠶ ᠬᠤᠳᠠ ᠪᠠᠷ  

    

ᠥᠩᠭᠡ ᠥᠩᠭᠡ ᠵᠢᠨ  

ᠭᠦᠰᠡᠯ ᠳᠤ ᠪᠠᠨ ᠳᠤᠭᠵᠢᠷᠠᠭᠰᠠᠨ

ᠵᠡᠭᠦᠳᠤᠨ ᠡᠷᠪᠠᠭᠡᠢ ᠰᠤᠯᠤᠩᠭ᠋ᠠᠷᠠᠨ᠎ᠠ  

    

ᠬᠠᠷᠢ ᠨᠤᠳᠤᠭ ᠤᠨ  

ᠬᠠᠷ᠎ᠠ ᠨᠡᠭᠦᠷᠡᠰᠤ  

ᠰᠢᠵᠢᠷ ᠠᠯᠳᠠ ᠪᠠᠷ ᠭᠢᠯᠠᠰᠤᠭᠠᠤᠨ  

    

ᠭᠦᠡᠳᠤ ᠮᠠᠰᠢᠨ  

ᠳᠠᠯ᠎ᠠ ᠶᠢ ᠡᠰᠭᠡᠵᠤ  

ᠠᠪᠣᠷᠭᠤ ᠮᠤᠭᠠᠢ ᠰᠢᠭ ᠭᠦᠷᠪᠠᠯᠵᠡᠵᠤ

      

ᠬᠠᠢ᠌ᠨᠠᠨ ᠭᠠᠵᠠᠷ ᠤᠨ

ᠣᠯᠠᠨ ᠭᠡᠯᠡ ᠳᠠᠢ  

ᠬᠠᠴᠢᠨ ᠰᠢᠪᠠᠭᠤᠳ ᠢ ᠵᠢᠷᠭᠢᠭᠦᠯᠵᠤ

    

ᠭᠡᠯᠡ ᠨᠢᠭᠡᠳᠡᠢ  

ᠣᠩᠭ᠋ᠤᠨ ᠳᠡᠯᠡᠭᠡᠢ  

ᠬᠠᠷ᠎ᠠ ᠳᠠᠷᠤᠵᠤ ᠰᠠᠷᠢᠨ᠎ᠠ ᠁

  

     ᠪᠠᠶᠠᠠᠨᠠᠭᠤᠷ ᠠᠢ᠌ᠮᠠᠭ ᠤᠨ ᠭᠠᠭᠴᠠ ᠮᠤᠳᠤ ᠭᠢᠯᠢ ᠶᠢᠨ ᠪᠣᠭᠤᠮᠳᠠ ᠳ᠋ᠤ              

                       2011.2.10


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂   ᠠᠷᠤ ᠬᠤᠷᠴᠢᠨ

ᠵᠤᠬᠢᠶᠠᠭᠴᠢ᠄ ᠰᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1571
ᠴᠠᠭ᠄ 2012 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ