ᠪᠣᠯᠵᠤᠭ᠎ᠠ ᠴᠠᠷᠴᠠᠬᠤ ᠦᠳᠡᠰᠢ

ᠪᠣᠯᠵᠤᠭ᠎ᠠ ᠴᠠᠷᠴᠠᠬᠤ ᠦᠳᠡᠰᠢ

ᠪᠣᠳᠤᠯ ᠢ ᠮᠢᠨᠢ ᠠᠷᠭᠠᠳᠠᠬᠤ ᠭᠡᠵᠤ

ᠶᠠᠭᠤᠮ᠎ᠠ ᠪᠦᠭᠦᠨ ᠣᠶᠠᠷᠠᠨ᠎ᠠ

ᠰᠠᠯᠭᠢ ᠦᠨᠦᠰᠤᠨ ᠴᠡᠴᠡᠭᠡᠨᠡᠳᠡᠭ᠌

ᠰᠠᠷᠭᠠᠢ ᠳᠠᠯᠪᠢ ᠪᠠᠷ ᠶᠢᠡᠨ ᠣᠶᠠᠷᠠᠨ᠎ᠠ

ᠰᠠᠢ᠌ᠬᠠᠨ ᠪᠦᠭᠦᠨ ᠶᠢᠡᠷ ᠶᠢᠡᠨ ᠠᠷᠭᠠᠳᠠᠳᠠᠭ

ᠰᠠᠷᠠ ᠠᠭᠠᠯᠢ ᠪᠠᠷ ᠶᠢᠡᠨ ᠣᠶᠠᠷᠠᠨ᠎ᠠ

ᠨᠠᠷᠠᠨ ᠪᠠᠢ᠌ᠭᠠᠯᠢ

᠊᠊᠊᠊᠊᠊᠊᠊᠊᠊᠊᠊᠊᠊᠊ ᠵᠤᠰᠠᠭᠠᠯ ᠤᠨ ᠳᠠᠠᠵᠢ

ᠨᠠᠪᠴᠢ ᠪᠠᠨ ᠳᠠᠷᠠᠯᠠᠵᠤ ᠣᠶᠠᠷᠠᠨ᠎ᠠ

ᠨᠠᠮᠤᠷ ᠤᠨ ᠤᠢ᠌ᠳᠬᠠᠷ

᠊᠊᠊᠊᠊᠊᠊᠊᠊᠊᠊᠊᠊᠊᠊ ᠨᠠᠭᠤᠷ ᠤᠨ ᠣᠰᠤ

ᠴᠡᠭᠡᠯ ᠶᠢᠡᠨ ᠬᠠᠷᠠᠵᠤ ᠣᠶᠠᠷᠠᠨ᠎ᠠ

ᠰᠠᠢ᠌ᠬᠠᠨ ᠠᠭᠤᠯᠵᠠᠬᠤ ᠶᠢᠨ

ᠢᠳᠡᠭᠡᠯ ᠶᠢᠡᠷ ᠠᠷᠭᠠᠳᠠᠵᠤ

ᠰᠠᠯᠭᠢᠨ ᠤ ᠥᠵᠦᠭᠦᠷ

ᠭᠡᠢ᠌ᠰᠴᠤ ᠣᠶᠠᠷᠠᠨ᠎ᠠ

ᠰᠠᠷᠠᠨ ᠤ ᠴᠠᠭᠠᠨ

ᠠᠮᠢᠰᠬᠤᠭ᠎ᠠ ᠵᠠᠢ᠌ᠮᠤᠭᠤᠯᠵᠤ

ᠰᠠᠢ᠌ᠷᠠᠮ ᠤᠨ ᠪᠦᠷᠢᠳᠤ ᠶᠢᠨ

ᠣᠰᠤ ᠣᠶᠠᠷᠠᠨ᠎ᠠ

ᠬᠠᠯᠠᠭᠤᠬᠠᠨ ᠠᠮᠢᠰᠬᠤᠯᠠᠬᠤ  

ᠠᠭᠤᠯᠠᠰ ᠤᠨ ᠵᠠᠢ ᠳᠤ

ᠭᠠᠵᠠᠷ ᠤᠨ ᠳᠤᠯᠠᠭᠠᠨ

ᠴᠢᠯᠠᠭᠤ ᠣᠶᠠᠷᠠᠨ᠎ᠠ

ᠬᠠᠨᠢ ᠶᠢᠨ ᠵᠠᠶᠠᠭ᠎ᠠ

ᠪᠣᠳᠤᠯ ᠳᠦᠰᠢᠭ᠍ᠰᠡᠨ

ᠭᠠᠯᠪᠠ ᠶᠢᠨ ᠪᠣᠭᠤᠷᠤᠯ

ᠠᠭᠤᠯᠠᠰ ᠣᠶᠠᠷᠠᠨ᠎ᠠ

ᠢᠩᠭᠢᠨ ᠪᠣᠢ᠌ᠯᠠᠭ᠎ᠠ ᠰᠢᠭ ᠣᠶᠠᠩᠭ᠋ᠠᠨ ᠭᠤᠷᠤᠬ᠎ᠠ

ᠡᠷᠭᠢ ᠶᠢᠨ ᠭᠡᠳᠤᠨ ᠴᠢᠯᠠᠭᠤ ᠪᠠᠨ ᠣᠭᠢᠯᠠᠭᠤᠯᠵᠤ

ᠡᠭᠡ ᠭᠦᠮᠤᠨ ᠤ ᠨᠢᠳᠤ ᠰᠢᠭ᠌ ᠣᠶᠠᠷᠠᠨ᠎ᠠ

ᠢᠷᠡᠭᠦ ᠡᠳᠦᠷ ᠤᠨ ᠰᠡᠷᠢᠭᠦ ᠳᠤᠯᠤᠩ

ᠮᠦᠩᠭᠦᠨ ᠴᠠᠭᠠᠨ ᠦᠷ ᠶᠢᠡᠷ ᠠᠷᠭᠠᠳᠠᠵᠤ

ᠮᠦᠷᠦᠭᠡᠳᠦᠯ ᠭᠦᠡᠳᠦᠭᠡᠨ ᠪᠦᠷᠦᠢ ᠣᠶᠠᠷᠠᠨ᠎ᠠ

ᠣᠳᠤᠳ ᠤᠨ ᠮᠦᠩᠭᠦᠨ

ᠰᠢᠭᠦᠳᠡᠷᠢ ᠰᠠᠮᠨᠠᠵᠤ

ᠣᠨᠤᠭᠰᠠᠨ ᠮᠤᠷᠢᠨ ᠤ ᠮᠢᠨᠢ

ᠳᠠᠯ ᠣᠶᠠᠷᠠᠨ᠎ᠠ

ᠣᠰᠤ ᠰᠠᠨᠠᠭᠰᠠᠨ

ᠡᠷᠭᠢ ᠰᠢᠭ᠌ ᠵᠢᠳᠭᠦᠵᠤ

ᠣᠴᠠᠷᠠᠭᠠᠳᠤᠢ ᠢᠨᠠᠭ ᠤ ᠮᠢᠨᠢ

ᠣᠷᠤᠭᠤᠯ ᠣᠶᠠᠷᠠᠨ᠎ᠠ

ᠭᠡᠯᠡᠭᠡᠳᠦᠢ ᠥᠭᠡ ᠮᠢᠨᠢ

ᠭᠡᠯᠡᠨ ᠥᠵᠦᠭᠦᠷ ᠢ

ᠴᠡᠮᠴᠡᠭᠡᠨᠡᠭᠦᠯᠵᠤ ᠣᠶᠠᠷᠠᠨ᠎ᠠ

ᠢᠷᠡᠭᠡᠳᠦᠢ ᠵᠢᠷᠭᠠᠯ ᠮᠢᠨᠢ

ᠮᠦᠷᠦᠭᠡᠳᠦᠯ ᠶᠢᠡᠷ ᠴᠠᠯᠭᠢᠵᠤ

ᠢᠵᠢᠯᠭᠡᠨ ᠬᠤᠩᠭ᠋ᠤᠷ

ᠭᠤᠨᠢᠭ ᠶᠢᠡᠷ ᠣᠶᠠᠷᠠᠨ᠎ᠠ

ᠪᠣᠳᠤᠭᠤᠨ ᠨᠢᠳᠤ ᠰᠢᠭ᠌

ᠬᠠᠢ᠌ᠷ᠎ᠠ ᠪᠠᠷ ᠪᠣᠢ᠌ᠯᠠᠵᠤ

ᠪᠦᠰᠡᠭᠦᠢ ᠵᠠᠶᠠᠭ᠎ᠠ

ᠭᠤᠮᠤᠳᠠᠵᠤ ᠣᠶᠠᠷᠠᠨ᠎ᠠ

ᠪᠣᠳᠤᠯ ᠤᠨ ᠰᠡᠵᠢᠭᠦᠷ ᠲᠤ

ᠳᠠᠭᠤᠯᠠᠭᠰᠠᠨ ᠳᠠᠭᠤᠤ ᠰᠢᠭ

ᠪᠣᠯᠪᠠᠷᠠᠢ᠌ᠬᠠᠨ ᠵᠢᠷᠦᠭᠡ

ᠡᠮᠳᠡᠷᠡᠵᠤ ᠣᠶᠠᠷᠠᠨ᠎ᠠ


  1991 . 2 .1


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠶᠡᠭᠡᠡᠦᠰᠤ ᠰᠤᠮᠤ

ᠵᠤᠬᠢᠶᠠᠭᠴᠢ᠄ ᠷ·ᠨᠡᠷᠡᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1574
ᠴᠠᠭ᠄ 2012 ᠤᠨ ᠤ 02 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ