ᠦᠯᠢᠭᠡᠷ ᠰᠤᠨᠤᠰᠴᠤ ᠣᠬᠠᠭᠠᠨ ᠰᠤᠷᠤᠶ᠎ᠠ

ᠨᠢᠭᠡᠨ ᠳᠠᠷᠢᠶᠠᠴᠢᠨ ᠳᠤᠳᠤᠷᠭ᠎ᠠ ᠪᠣᠯᠤᠨ ᠰᠢᠷ᠎ᠠ ᠪᠣᠷᠴᠠᠭ ᠶᠢᠡᠨ ᠠᠪᠠᠴᠢᠵᠤ ᠬᠤᠳᠠᠯᠳᠤᠬᠤ ᠪᠠᠷ ᠪᠣᠯᠪᠠ᠃ ᠳᠠᠷᠠ ᠣᠷᠢᠳᠠᠪᠠᠷ ᠬᠠᠭᠠᠰ ᠰᠠᠪᠠᠯᠠᠭᠰᠠᠨ ᠳᠤᠳᠤᠷᠭ᠎ᠠ ᠶᠢᠨ ᠣᠭᠤᠳᠠ ᠪᠠᠨ ᠣᠭᠤᠰᠤᠷ ᠶᠢᠡᠷ ᠪᠢᠳᠡᠭᠦᠯᠡᠨ ᠣᠶᠠᠭᠠᠤᠨ ᠳᠠᠭᠢᠨ ᠰᠢᠷ᠎ᠠ ᠪᠣᠷᠴᠠᠭ ᠶᠢᠡᠨ ᠳᠡᠭᠡᠷ᠎ᠡ ᠨᠢ ᠴᠢᠤᠠᠬᠤᠵᠤ ᠰᠠᠪᠠᠯᠠᠭᠠᠤᠨ ᠠᠮᠠᠰᠠᠷ ᠢ ᠨᠢ ᠪᠢᠳᠡᠭᠦᠯᠡᠨ ᠣᠶᠠᠭᠰᠠᠨ ᠬᠣᠢ᠌ᠨ᠎ᠠ ᠡᠭᠦᠷᠦᠭᠡᠤᠨ ᠵᠠᠮ ᠶᠢᠡᠨ ᠡᠯᠭᠦᠯ᠎ᠡ᠃

ᠵᠠᠮ ᠵᠠᠭᠤᠷ᠎ᠠ ᠨᠢᠭᠡᠨ ᠬᠤᠳᠠᠯᠳᠤᠭᠠᠴᠢᠨ ᠲᠡᠶ ᠣᠴᠠᠷᠠᠪᠠ᠃ ᠬᠤᠳᠠᠯᠳᠤᠭᠠᠴᠢᠨ ᠵᠤᠷᠢᠭᠤᠳᠠ ᠪᠠᠷ ᠳᠠᠷᠢᠶᠠᠴᠢᠨ ᠢ ᠳᠤᠷᠤᠮᠰᠢᠶᠠᠵᠤ ᠳᠤᠷᠠᠳᠠᠢ᠌ᠶ᠎ᠠ ᠳᠡᠭᠦᠨ ᠤ ᠪᠣᠳᠠᠭ᠎ᠠ ᠶᠢ ᠦᠨᠳᠦᠷ ᠦᠨ᠎ᠡ ᠪᠠᠷ ᠬᠤᠳᠠᠯᠳᠤᠨ ᠠᠪᠣᠨ᠎ᠠ᠂ ᠭᠡᠶ᠎ᠡ ᠨᠢᠭᠡ ᠨᠥᠭᠦᠴᠡᠯ ᠪᠠᠢ᠌ᠨ᠎ᠠ᠄ ᠳᠠᠷᠤᠢ ᠣᠭᠤᠳᠠ ᠰᠤᠯᠢᠬᠤ ᠦᠭᠡᠶ ᠪᠦᠭᠡᠤᠨ ᠰᠢᠷ᠎ᠠ ᠪᠣᠷᠴᠠᠭ ᠶᠢᠡᠨ ᠴᠤ ᠭᠠᠵᠠᠷ ᠲᠤ ᠴᠢᠤᠠᠬᠤᠬᠤ ᠦᠭᠡᠶ ᠪᠠᠷ ᠳᠤᠳᠤᠷᠭ᠎ᠠ ᠶᠢ ᠬᠤᠳᠠᠯᠳᠤᠭᠠᠴᠢᠨ ᠤ ᠣᠭᠤᠳᠠᠨ ᠳᠤ ᠴᠢᠤᠠᠬᠤᠨ᠎ᠠ᠂ ᠳᠠᠷᠠ ᠮᠥᠷᠳᠡᠭᠡᠨ ᠣᠭᠤᠳᠠ ᠪᠠᠨ ᠴᠤ ᠬᠠᠠᠵᠢᠯᠠᠨ ᠬᠠᠢ᠌ᠴᠢᠯᠠᠵᠤ ᠪᠣᠯᠬᠤ ᠦᠭᠡᠶ ᠭᠡᠯ᠎ᠡ᠃

ᠳᠠᠷᠢᠶᠠᠴᠢᠨ ᠪᠣᠳᠤᠭᠰᠠᠭᠠᠷ ᠪᠠᠢ᠌ᠵᠤ ᠨᠢᠭᠡᠨ ᠰᠠᠢ᠌ᠨ ᠠᠷᠭ᠎ᠠ ᠪᠣᠳᠤᠨ ᠣᠯᠵᠤ᠂ ᠳᠤᠳᠤᠷᠭ᠎ᠠ ᠪᠠᠨ ᠬᠤᠳᠠᠯᠳᠤᠭᠠᠴᠢᠨ ᠤ ᠣᠭᠤᠳᠠᠨ ᠳᠤ ᠴᠢᠤᠠᠬᠤᠭᠰᠠᠨ ᠪᠦᠭᠡᠤᠨ ᠬᠤᠳᠠᠯᠳᠤᠭᠠᠴᠢᠨ ᠤ ᠳᠤᠷᠠᠳᠤᠭᠰᠠᠨ ᠨᠥᠭᠦᠴᠡᠯ ᠳᠤ ᠳᠤᠭᠢᠷᠠᠭᠤᠯᠤᠭᠰᠠᠨ ᠪᠠᠢ᠌ᠪᠠ᠃ ᠳᠠ ᠪᠣᠳᠤᠵᠤ ᠦᠵᠡ᠂ ᠳᠠᠷᠢᠶᠠᠴᠢᠨ ᠡᠨᠡ ᠠᠰᠠᠭᠤᠳᠠᠯ ᠢ ᠶᠠᠭᠠᠭᠢᠵᠤ ᠰᠡᠢ᠌ᠦᠡᠪᠦᠷᠢᠯᠡᠭ᠍ᠰᠡᠨ ᠪᠣᠢ︖


◇◇◇ᠲ᠋ᠠᠷᠢᠶᠠᠴᠢᠨ ᠢᠩᠭᠢᠵᠤ ᠭᠢᠭ᠍ᠰᠡᠨ ᠪᠠᠢ᠌ᠨ᠎ᠠ᠄ ᠣᠷᠢᠳᠠᠪᠠᠷ ᠰᠢᠷ᠎ᠠ ᠪᠣᠷᠴᠠᠭ ᠶᠢᠡᠨ ᠬᠤᠳᠠᠯᠳᠤᠭᠠᠴᠢᠨ ᠤ ᠣᠭᠤᠳᠠᠨ ᠳᠤ ᠴᠢᠤᠠᠬᠤᠵᠤ ᠣᠭᠤᠰᠤᠷ ᠶᠢᠡᠷ ᠴᠢᠩᠭ᠋᠎ᠠ ᠣᠶᠠᠭᠰᠠᠨ ᠬᠣᠢ᠌ᠨ᠎ᠠ ᠣᠭᠤᠳᠠ ᠶᠢ ᠨᠢ ᠣᠷᠪᠠᠭᠤᠯᠵᠤ ᠳᠠᠭᠢᠨ ᠳᠤᠳᠤᠷᠭ᠎ᠠ ᠪᠠᠨ ᠴᠢᠤᠠᠬᠤᠨ ᠰᠠᠪᠠᠯᠠᠪᠠ᠂ ᠳᠡᠭᠡᠭᠡᠤᠨ ᠣᠭᠤᠳᠠᠨ ᠳᠤᠳᠤᠷ᠎ᠠ ᠡᠴᠡ ᠣᠶᠠᠭᠰᠠᠨ ᠶᠢᠡᠨ ᠠᠯᠳᠠᠷᠭᠠᠵᠤ ᠰᠢᠷ᠎ᠠ ᠪᠣᠷᠴᠠᠭ ᠢ ᠦᠪᠡᠷ ᠤᠨ ᠣᠭᠤᠳᠠᠨ ᠳᠠᠭᠠᠨ ᠴᠢᠤᠠᠬᠤᠨ᠎ᠠ᠃ ᠢᠩᠭᠢᠪᠠᠯ ᠬᠤᠳᠠᠯᠳᠤᠭᠠᠴᠢᠨ ᠤ ᠣᠭᠤᠳᠠᠨ ᠳᠤ ᠳᠤᠳᠤᠷᠭ᠎ᠠ ᠯᠠ ᠥᠯᠡᠳᠡᠭᠦ ᠪᠣᠯᠤᠨ᠎ᠠ᠃

ᠪᠠᠰᠠ ᠢᠩᠭᠢᠵᠤ ᠭᠢᠵᠤ ᠪᠣᠯᠤᠨ᠎ᠠ᠄ ᠣᠷᠢᠳᠠᠪᠠᠷ ᠰᠢᠷ᠎ᠠ ᠪᠣᠷᠴᠠᠭ ᠢ ᠬᠤᠳᠠᠯᠳᠤᠭᠠᠴᠢᠨ ᠤ ᠣᠭᠤᠳᠠᠨ ᠳᠤ ᠴᠢᠤᠠᠬᠤᠵᠤ᠂ ᠦᠪᠡᠷ ᠤᠨ ᠣᠭᠤᠳᠠ ᠪᠠᠨ ᠣᠷᠪᠠᠭᠤᠯᠤᠨ ᠳᠠᠭᠢᠨ ᠰᠢᠷ᠎ᠠ ᠪᠣᠷᠴᠠᠭ ᠢ ᠦᠪᠡᠷ ᠤᠨ ᠣᠭᠤᠳᠠᠨ ᠳᠠᠭᠠᠨ ᠴᠢᠤᠠᠬᠤᠨ᠎ᠠ᠂ ᠳᠡᠭᠡᠭᠡᠤᠨ ᠳᠤᠳᠤᠷ᠎ᠠ ᠡᠴᠡ ᠨᠢ ᠣᠶᠠᠳᠠᠯ ᠢ ᠠᠯᠳᠠᠷᠭᠠᠵᠤ ᠳᠤᠳᠤᠷᠭ᠎ᠠ ᠶᠢ ᠬᠤᠳᠠᠯᠳᠤᠭᠠᠴᠢᠨ ᠤ ᠣᠭᠤᠳᠠᠨ ᠳᠤ ᠴᠢᠤᠠᠬᠤᠨ᠎ᠠ᠂ ᠢᠩᠭᠢᠪᠠᠯ ᠦᠪᠡᠷ ᠤᠨ ᠣᠭᠤᠳᠠᠨ ᠳᠤ ᠵᠥᠪᠭᠡᠨ ᠰᠢᠷ᠎ᠠ ᠪᠣᠷᠴᠠᠭ ᠯᠠ ᠥᠯᠡᠳᠡᠭᠦ ᠪᠣᠯᠤᠨ᠎ᠠ᠃

ᠵᠤᠬᠢᠶᠠᠭᠴᠢ᠄ ᠤᠶ‍ᠦᠡᠭᠡᠷᠡᠯ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 6519
ᠴᠠᠭ᠄ 2007 ᠤᠨ ᠤ 04 ᠰᠠᠷ᠎ᠠ ᠶᠢᠨ 10