ᠡᠷᠳᠡᠨᠢ

ᠠᠭᠠᠷ ᠳᠡᠭ᠍ᠷᠢ ᠶᠢᠨ ᠨᠠᠷᠠ ᠡᠷᠳᠡᠨᠢ

ᠠᠪᠣ ᠡᠵᠢ ᠶᠢᠨ ᠰᠤᠷᠭᠠᠯ ᠡᠷᠳᠡᠨᠢ

ᠠᠯᠳᠠᠵᠤ ᠪᠣᠯᠤᠰᠢ ᠦᠭᠡᠶ ᠨᠤᠳᠤᠭ ᠡᠷᠳᠡᠨᠢ

ᠠᠰᠢᠳᠠ ᠪᠠᠳᠠᠷᠠᠭᠠᠬᠤ ᠬᠠᠢ᠌ᠷ᠎ᠠ ᠡᠷᠳᠡᠨᠢ


ᠠᠮᠢᠰᠬᠤᠵᠤ ᠶᠠᠪᠣᠬᠤ ᠡᠴᠠ ᠠᠭᠠᠷ ᠡᠷᠳᠡᠨᠢ

ᠠᠮᠢ ᠵᠤᠯᠭᠠᠭᠤᠯᠳᠠᠭ ᠡᠴᠠ ᠣᠰᠤ ᠡᠷᠳᠡᠨᠢ

ᠠᠬ᠎ᠠ ᠳᠡᠭᠦᠤ ᠨᠠᠢ᠌ᠵᠠ ᠳᠤ ᠨᠥᠭᠦᠷᠯᠡᠯ ᠡᠷᠳᠡᠨᠢ

ᠠᠮᠢᠳᠤᠷᠠᠯ ᠵᠢᠷᠭᠠᠯ ᠳᠤ ᠭᠠᠯ ᠡᠷᠳᠡᠨᠢ

ᠠᠶᠠᠨ ᠵᠠᠮ ᠭᠦᠭᠡᠭᠡᠭᠦ ᠳᠤ ᠳᠡᠷᠭᠡ ᠡᠷᠳᠡᠨᠢ

ᠠᠮᠵᠢᠯᠳᠠ ᠣᠯᠬᠤ ᠳᠤ ᠠᠷᠭ᠎ᠠ ᠡᠷᠳᠡᠨᠢ

ᠠᠮᠰᠠᠨ ᠠᠮᠰᠠᠬᠤ ᠳᠤ ᠠᠷᠢᠭᠢ ᠡᠷᠳᠡᠨᠢ

ᠠᠰᠤᠷᠤ ᠰᠢᠮᠠᠳᠤ ᠢᠳᠡᠭᠡᠨ ᠡᠷᠳᠡᠨᠢ


ᠠᠯᠳᠠᠷ ᠶᠢᠡᠨ ᠪᠣᠰᠬᠠᠬᠤ ᠳᠤ ᠵᠤᠷᠢᠭ ᠡᠷᠳᠡᠨᠢ

ᠠᠯᠤᠰ ᠲᠠᠭᠠᠨ ᠪᠣᠳᠤᠬᠤ ᠳᠤ ᠢᠳᠡᠭᠡᠯ ᠡᠷᠳᠡᠨᠢ

ᠠᠪᠣᠷᠠᠨ ᠲᠡᠳᠬᠦᠭᠦ ᠰᠡᠳᠭᠢᠯ ᠡᠷᠳᠡᠨᠢ

ᠠᠮᠢᠳᠤ ᠶᠢᠨ ᠵᠢᠷᠭᠠᠯᠠᠩᠳᠤ 《ᠭᠦᠮᠤᠨ ᠡᠷᠳᠡᠨᠢ》 (1)

ᠠᠯᠳᠠ ᠡᠴᠠ ᠦᠨᠡᠳᠠᠢ ᠣᠬᠠᠭᠠᠨ ᠡᠷᠳᠡᠨᠢ

ᠠᠯᠢᠨ ᠶᠢᠡᠷ ᠴᠤ ᠰᠤᠯᠢᠮ᠎ᠠ ᠦᠭᠡᠶ ᠠᠮᠢ ᠡᠷᠳᠡᠨᠢ ᠁


                2012.8.26


* 《ᠭᠦᠮᠤᠨ ᠡᠷᠳᠡᠨᠢ》 ᠊᠊᠊᠊᠊᠊᠊᠊᠊᠊᠊᠊᠊᠊᠊ ᠠᠪᠣ ᠶᠢᠨ ᠮᠢᠨᠢ ᠳᠠᠩᠳᠠ ᠭᠡᠯᠡᠳᠡᠭ᠌ ᠥᠭᠡ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠶᠡᠯᠡᠩ ᠤᠳᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1571
ᠴᠠᠭ᠄ 2012 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ