ᠬᠠᠭᠤᠳᠠᠮᠴᠢ ᠬᠤᠷᠸ᠎ᠠ

ᠳᠠᠪᠢᠯᠠᠩ ᠭᠡᠳᠡᠭ᠌ ᠪᠠᠢ᠌ᠨ᠎ᠠ ᠭᠡᠭᠦ ᠳ᠋ᠤ

ᠳᠠᠨᠢᠵᠤ ᠴᠢᠳᠠᠳᠠᠭ ᠦᠭᠡᠶ ᠨᠢ

ᠳᠠᠨᠢᠭᠰᠠᠨ ᠴᠢᠨᠤ ᠪᠠᠨ ᠰᠡᠳᠭᠢᠯ ᠳ᠋ᠤ

ᠳᠤᠭᠳᠠᠵᠤ ᠴᠢᠳᠠᠳᠠᠭ ᠦᠭᠡᠶ ᠨᠢ

ᠳᠠᠭ᠎ᠠ ᠪᠠᠷ ᠪᠣᠯᠬᠤ ᠦᠭᠡᠶ ᠬᠤᠷᠸ᠎ᠠ

ᠵᠤᠪᠠᠭᠠᠵᠤ ᠴᠢᠳᠠᠨ᠎ᠠ ᠭᠡᠭ᠍ᠴᠢ ᠨᠢ

ᠳᠠᠭᠠᠷᠠᠭᠰᠠᠨ ᠵᠢᠷᠭᠠᠯ ᠪᠠᠢ᠌ᠨ᠎ᠠ ᠭᠡᠭᠦ ᠡᠴᠡ

ᠳᠠᠭᠠᠭᠰᠠᠨ ᠵᠤᠪᠠᠯ ᠪᠠᠢ᠌ᠬᠤ ᠶᠢ ᠶᠠᠭᠠᠭᠢᠨ᠎ᠠ

ᠳᠠᠪᠠᠷᠢᠵᠤ ᠴᠢᠮ᠎ᠠ ᠲᠡᠶ ᠬᠠᠨᠢᠯᠠᠶ᠎ᠠ ᠭᠡᠭᠦ ᠡᠴᠡ

ᠳᠡᠭᠡᠵᠤ ᠪᠣᠯᠬᠤ ᠦᠭᠡᠶ ᠵᠠᠶᠠᠭ᠎ᠠ ᠶᠢ ᠶᠠᠭᠠᠭᠢᠶ᠎ᠠ

ᠨᠠᠢ᠌ᠯᠠᠵᠤ ᠴᠢᠳᠠᠳᠠᠭ ᠬᠠᠢ᠌ᠷ᠎ᠠ ᠪᠠᠢ᠌ᠬᠤ ᠳ᠋ᠤ

ᠵᠦᠷᠢᠵᠤ ᠴᠢᠳᠠᠳᠠᠭ ᠳᠠᠪᠢᠯᠠᠩ ᠪᠠᠢ᠌ᠬᠤ ᠶᠢ ᠶᠠᠭᠠᠭᠢᠶ᠎ᠠ

ᠳᠠᠭᠠᠷᠢᠭᠠᠤᠨ ᠥᠩᠭᠡᠷᠡᠭ᠍ᠰᠡᠨ ᠬᠠᠢ᠌ᠷ᠎ᠠ ᠳᠤ ᠴᠢᠨᠢ

ᠳᠠᠩᠴᠢ ᠬᠠᠯᠠᠭᠤᠴᠠᠵᠤ ᠶᠠᠪᠣᠯ᠎ᠠ

ᠳᠠᠭᠢᠭᠠᠤᠨ ᠭᠡᠵᠢᠶ᠎ᠡ ᠴᠤ ᠡᠢ᠌ᠮᠤ ᠰᠢᠭ᠌

ᠳᠤᠳᠠᠭᠤ ᠰᠤᠭᠳᠤᠵᠤ ᠶᠠᠪᠣᠯ᠎ᠠ

ᠳᠠᠭᠠᠷᠠᠭᠰᠠᠨ ᠰᠢᠭ᠌ ᠠᠭᠵᠠᠰ ᠭᠡᠭᠦ ᠪᠠᠷ

ᠴᠢ ᠨᠢᠰᠴᠢᠭᠡᠭ᠍ᠰᠡᠨ ᠪᠠᠢ᠌ᠯ᠎ᠠ

ᠳᠠᠩᠴᠢ ᠶᠡᠭᠡ ᠭᠤᠨᠢᠭᠯᠠᠬᠤ ᠥᠭᠡᠢ

ᠳᠠᠷᠠᠭᠠᠴᠢ ᠶᠢᠨ ᠡᠳᠦᠷ ᠶᠢᠡᠨ ᠣᠭᠳᠤᠶ᠎ᠠ


ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ


ᠵᠤᠬᠢᠶᠠᠭᠴᠢ᠄ ᠷᠤᠯᠮᠠᠵᠠᠪ
ᠬᠠᠷᠢᠶ᠎ᠠ᠄ ᠰᠢᠯᠦᠭ
ᠳᠠᠷᠤᠮ᠄ 1890
ᠴᠠᠭ᠄ 2010 ᠤᠨ ᠤ 06 ᠰᠠᠷ᠎ᠠ ᠶᠢᠨ 21