ᠨᠡᠪᠲᠡᠷᠡᠨ ᠤᠷᠤᠬᠤ
ᠭᠤᠷᠪᠠ ᠂ 1248 ᠤᠨ ᠡᠴᠡ 1323 ᠤᠨ ᠬᠦᠷᠲᠡᠯ᠎ᠡ

1248 ᠣᠨ (ᠰᠢᠷ᠎ᠠ ᠪᠠᠴᠢᠨ ᠵᠢᠯ᠂ ᠡᠮᠦᠨᠡᠳᠤ ᠰᠦᠩ ᠣᠯᠤᠰ ᠤᠨ ᠴᠦᠨ ᠶᠢᠤ ᠶᠢᠨ ᠨᠢ᠋ᠮᠠᠳᠤᠭᠠᠷ ᠣᠨ)᠄

ᠮᠦᠨ ᠣᠨ ᠳᠤ ᠭᠦᠶ‍ᠦᠭ᠌ ᠬᠠᠭᠠᠨ ᠨᠠᠰᠤᠨ ᠡᠴᠦᠰ ᠪᠣᠯᠪᠠᠢ᠃ ᠰᠠᠭᠤᠷᠢᠨ᠎ᠠ ᠭᠤᠷᠪᠠᠨ ᠵᠢᠯ ᠪᠣᠯᠪᠠᠢ᠃

ᠮᠦᠨ ᠣᠨ ᠳᠤ ᠭᠦᠶ‍ᠦᠭ᠌ ᠤᠨ ᠬᠠᠳᠤᠨ ᠬᠠᠢ᠌ᠮᠢᠱ ᠲᠦᠷᠦ ᠮᠠᠳᠠᠪᠠ᠃

1251 ᠣᠨ (ᠴᠠᠭᠠᠭᠴᠢᠨ ᠭᠠᠬᠠᠢ ᠵᠢᠯ᠂ ᠡᠮᠦᠨᠡᠳᠤ ᠰᠦᠩ ᠣᠯᠤᠰ ᠤᠨ ᠴᠦᠨ ᠶᠢᠤ ᠶᠢᠨ ᠠᠷᠪᠠᠨ ᠨᠢᠭᠡᠨ ᠣᠨ)᠄

ᠮᠦᠨ ᠣᠨ ᠳᠤ ᠵᠤᠴᠢ᠂ ᠲ᠋ᠤᠯᠤᠢ ᠬᠤᠶᠠᠷ ᠤᠨ ᠭᠤᠤᠯ ᠣᠭᠰᠠᠭᠠᠳᠠᠨ ᠤ ᠦᠷ᠎ᠡ ᠠᠴᠢᠨᠠᠷ ᠬᠠᠮᠰᠠᠨ ᠨᠠᠢ᠌ᠯᠠᠵᠤ ᠳᠤᠯᠤᠢ ᠶᠢᠨ ᠠᠬᠠᠮᠠᠤᠨ ᠭᠦᠪᠠᠭᠦᠨ ᠮᠥᠩᠭᠡ ᠶᠢ ᠶᠡᠭᠡ ᠣᠷᠤ ᠰᠠᠭᠤᠯᠭᠠᠪᠠᠢ᠃ ᠡᠭᠦᠡᠴᠡ ᠡᠭᠢᠯᠡᠨ ᠮᠤᠩᠭ᠋ᠤᠯ ᠤᠨ ᠬᠠᠭᠠᠨ ᠣᠷᠤ ᠥᠭᠡᠳᠡᠢ ᠶᠢᠨ ᠣᠭᠰᠠᠭᠠᠳᠠᠨ ᠡᠴᠡ ᠳᠤᠯᠤᠢ ᠶᠢᠨ ᠣᠭᠰᠠᠭᠠᠨ ᠳᠤ ᠰᠢᠯᠵᠢᠪᠠᠢ᠃

ᠮᠦᠨ ᠡᠤᠨ ᠳᠤ ᠮᠥᠩᠭᠡ ᠬᠠᠭᠠᠨ ᠵᠠᠷᠯᠢᠭ ᠪᠠᠭᠤᠯᠭᠠᠵᠤ᠂ ᠲᠦᠷᠦ ᠶᠢ ᠠᠷᠢᠭᠤᠬᠠᠨ ᠵᠠᠰᠠᠭ ᠢ ᠪᠠᠭᠢᠵᠢᠭᠦᠯᠭᠦ ᠠᠵᠢᠯ ᠢ ᠭᠠᠷᠳᠠᠨ ᠭᠢᠪᠠᠢ᠃

ᠪᠠᠰᠠ ᠮᠦᠨ ᠣᠨ ᠳᠤ ᠳᠡᠭᠦᠤ ᠬᠤᠪᠢᠯᠠᠢ ᠳᠤ ᠴᠡᠷᠢᠭ᠌ ᠵᠠᠭᠢᠷᠤᠭᠤᠯᠤᠨ ᠡᠮᠦᠨᠡᠳᠤ ᠰᠦᠩ ᠣᠯᠤᠰ ᠢ ᠳᠠᠢ᠌ᠯᠠᠭᠤᠯᠪᠠᠢ᠃ ᠲ᠋ᠡᠭᠦᠤ ᠥᠯᠡᠭᠦᠤ ᠶᠢ ᠠᠮᠤ ᠮᠦᠷᠠᠨ ᠡᠴᠡ ᠪᠠᠷᠠᠭᠤᠠᠰᠢᠭᠢ ᠶᠢᠨ ᠣᠯᠤᠰ ᠢ ᠳᠠᠢ᠌ᠯᠠᠭᠤᠯᠬᠤ ᠪᠠᠷ ᠮᠤᠷᠳᠠᠭᠤᠯᠪᠠᠢ᠃

1253 ᠣᠨ (ᠬᠠᠷᠠᠭᠴᠢᠨ ᠥᠭᠡᠷ ᠵᠢᠯ᠂ ᠡᠮᠦᠨᠡᠳᠤ ᠰᠦᠩ ᠣᠯᠤᠰ ᠤᠨ ᠪᠣᠤ ᠶᠢᠤ ᠶᠢᠨ ᠳᠡᠷᠢᠭᠦᠨ ᠣᠨ)᠄

ᠮᠦᠨ ᠣᠨ ᠳᠤ ᠳᠤᠯᠤᠢ ᠶᠢᠨ ᠭᠦᠪᠠᠭᠦᠨ ᠥᠯᠡᠭᠦᠤ (旭烈兀) ᠴᠡᠷᠢᠭ᠌ ᠢ ᠳᠠᠢ᠌ᠴᠢᠯᠠᠨ ᠠᠮᠤ ᠭᠤᠤᠯ ᠡᠴᠡ ᠪᠠᠷᠠᠭᠤᠠᠰᠢᠭᠢ ᠶᠢᠨ ᠣᠯᠤᠰ ᠣᠷᠤᠨ ᠣᠷᠤᠭᠤ ᠠᠶᠠᠯᠠᠪᠠᠢ᠃ ᠬᠤᠪᠢᠯᠠᠢ ᠣᠷᠢᠶᠠᠩᠬᠠᠳᠠᠢ ᠶᠢ ᠶᠦᠨᠨᠠᠨ ᠳᠤ ᠬᠤᠴᠤᠷᠭᠠᠵᠤ ᠳᠠᠷᠠ ᠪᠠᠷ ᠣᠮᠠᠷᠠᠰᠢ ᠪᠣᠴᠠᠪᠠᠢ᠃

ᠮᠦᠨ ᠣᠨ ᠳᠤ ᠹᠷᠠᠠᠼᠢ ᠶᠢᠨ ᠯᠢᠤᠳᠤᠸᠢᠺ ᠶ‍ᠢᠰᠦᠳᠦᠭᠡᠷ ᠤᠨ ᠳᠤᠮᠢᠯᠠᠯᠳᠠ ᠪᠠᠷ ᠾᠧᠷᠢᠰᠲ᠋ᠤᠰ ᠤᠨ ᠱᠠᠰᠢᠨ ᠤ ᠭᠡᠯᠦᠩ ᠷᠦᠪᠷᠤᠺ ᠮᠤᠩᠭ᠋ᠤᠯ ᠳᠤ ᠡᠯᠴᠢᠨ ᠶᠢᠡᠷ ᠢᠷᠠᠵᠤ ᠮᠥᠩᠭᠡ ᠬᠠᠭᠠᠨ ᠳᠤ ᠪᠠᠷᠠᠭᠠᠳᠠᠵᠤ ᠵᠤᠯᠭᠠᠪᠠᠢ᠃

1256 ᠣᠨ (ᠣᠯᠠᠭᠠᠨ ᠯᠤᠤ ᠵᠢᠯ᠂ ᠡᠮᠦᠨᠡᠳᠤ ᠰᠦᠩ ᠣᠯᠤᠰ ᠤᠨ ᠪᠣᠤ ᠶᠢᠤ ᠶᠢᠨ ᠳᠦᠷᠪᠠᠳᠦᠭᠡᠷ ᠣᠨ)᠄

ᠮᠦᠨ ᠣᠨ ᠳᠤ ᠥᠯᠡᠭᠦᠤ ᠶᠢᠨ ᠵᠢᠯᠤᠭᠤᠳᠤᠭᠰᠠᠨ ᠮᠤᠩᠭ᠋ᠤᠯ ᠴᠡᠷᠢᠭ᠌ ᠢᠷᠠᠨ ᠣᠷᠤᠭᠤ ᠳᠠᠢ᠌ᠯᠠᠨ ᠳᠤᠪᠳᠤᠯᠵᠤ᠂ ᠲ᠋ᠠᠠᠳᠠᠭᠢ ᠶᠢᠨ ᠢᠰᠢᠮᠢ᠌ᠯᠲ᠋ ᠤᠨ ᠮᠤᠯᠠᠭᠵᠤᠨ ᠢ ᠡᠷᠭᠡᠰᠢᠶᠡᠨ ᠠᠪᠣᠪᠠᠢ᠃

ᠪᠠᠰᠠ ᠮᠦᠨ ᠣᠨ ᠤ ᠬᠠᠪᠣᠷ᠂ ᠬᠤᠪᠢᠯᠠᠢ ᠯᠢᠤ ᠪᠢᠩ ᠵᠦᠩ ᠢ ᠳᠤᠮᠢᠯᠠᠨ ᠬᠤᠸᠠᠨ ᠵᠸᠤ ᠶᠢᠨ ᠵᠡᠭᠦᠨ᠎ᠡ᠂ ᠯᠤᠸᠡᠨ ᠾᠧ ᠭᠤᠤᠯ ᠤᠨ ᠳᠡᠭᠡᠳᠤ ᠣᠷᠠᠰᠬᠠᠯ ᠤᠨ ᠣᠮᠠᠷ᠎ᠠ ᠭᠠᠵᠠᠷ ᠰᠢᠯᠢᠨ ᠬᠤᠳᠠ ᠴᠤᠭᠴᠠᠯᠠᠵᠤ ᠣᠷᠳᠤ ᠪᠠᠢ᠌ᠭᠤᠯᠪᠠᠢ᠃

1257 ᠣᠨ (ᠣᠯᠠᠭᠴᠢᠨ ᠨᠤᠬᠠᠢ ᠵᠢᠯ᠂ ᠡᠮᠦᠨᠡᠳᠤ ᠰᠦᠩ ᠣᠯᠤᠰ ᠤᠨ ᠭᠤᠤ ᠶᠢᠤ ᠶᠢᠨ ᠳᠠᠪᠣᠳᠤᠭᠠᠷ ᠣᠨ)᠄

ᠮᠦᠨ ᠣᠨ ᠤ ᠡᠪᠦᠯ ᠣᠷᠢᠶᠠᠩᠬᠠᠢ ᠠᠠᠨᠠᠮ ᠳᠤ ᠴᠡᠷᠢᠭᠯᠡᠨ ᠣᠷᠤᠭᠠᠤᠨ ᠠᠠᠨᠠᠮ ᠸᠠᠩ ᠢ ᠡᠯᠰᠡᠨ ᠳᠠᠭᠠᠭᠤᠯᠵᠤ ᠳᠠᠠᠳᠠ ᠡᠴᠡ ᠶᠦᠨᠨᠠᠨ ᠳᠤ ᠴᠡᠷᠢᠭ᠌ ᠡᠭᠡᠪᠠᠢ᠃ ᠮᠦᠨ ᠣᠨ ᠳᠤ ᠳᠡᠭᠦᠤ ᠠᠷᠢᠭ ᠪᠣᠬ᠎ᠠ ᠶᠢ ᠬᠠᠷ᠎ᠠ ᠬᠤᠷᠤᠮ ᠳᠤ ᠥᠯᠡᠳᠡᠭᠡᠵᠤ᠂ ᠲ᠋ᠡᠴᠢᠷ ᠶᠢᠡᠷ ᠵᠡᠭᠦᠨ ᠭᠠᠷᠤᠨ ᠴᠡᠷᠢᠭ᠌ ᠢ ᠵᠡᠭᠢᠷᠡᠭᠦᠯᠤᠨ᠂ ᠮᠥᠩᠭᠡ ᠬᠠᠭᠠᠨ ᠭᠤᠤᠯ ᠤᠨ ᠴᠡᠷᠢᠭ᠌ ᠢ ᠵᠢᠯᠤᠭᠤᠳᠤᠨ ᠡᠮᠦᠨᠡᠳᠤ ᠰᠦᠩ ᠣᠯᠤᠰ ᠢ ᠳᠠᠢ᠌ᠯᠠᠪᠠᠢ᠃ ᠪᠠᠰᠠ ᠮᠦᠨ ᠣᠨ ᠳᠤ ᠳᠠᠪᠣᠨᠠᠩ ᠪᠠᠷᠰ ᠳᠦᠭᠡ ᠱᠠᠠᠵᠠ ᠰᠦᠮ᠎ᠡ ᠶᠢᠨ ᠭᠦᠰᠢᠶ᠎ᠡ ᠶᠢ ᠣᠢ᠌ᠯᠠᠤᠠᠴᠤ ᠮᠥᠩᠭᠡ ᠬᠠᠭᠠᠨ ᠤ ᠨᠠᠰᠤᠨ ᠦᠯᠵᠡᠢ ᠪᠠᠳᠤᠤᠠᠬᠤ ᠶᠢ ᠪᠠᠯᠭᠡᠳᠡᠪᠠᠢ᠃

1258 ᠣᠨ (ᠰᠢᠷ᠎ᠠ ᠮᠤᠷᠢᠨ ᠵᠢᠯ᠂ ᠡᠮᠦᠨᠡᠳᠤ ᠰᠦᠩ ᠣᠯᠤᠰ ᠤᠨ ᠪᠣᠤ ᠶᠢᠤ ᠶᠢᠨ ᠵᠢᠷᠭᠤᠳᠤᠭᠠᠷ ᠣᠨ)᠄

ᠮᠦᠨ ᠣᠨ ᠳᠤ ᠥᠯᠡᠭᠦᠤ ᠪᠠᠭᠳᠠᠳ᠋ ᠬᠤᠳᠠ ᠶᠢ ᠡᠵᠡᠯᠡᠨ ᠠᠪᠴᠤ ᠠᠪᠠᠰ ᠸᠠᠩᠳᠤ ᠣᠯᠤᠰ ᠤᠨ ᠲᠦᠷᠦ ᠶᠢ ᠮᠥᠭᠦᠭᠡᠪᠠᠢ᠃

ᠮᠦᠨ ᠣᠨ ᠳᠤ ᠮᠥᠩᠭᠡ ᠬᠠᠭᠠᠨ ᠤ ᠵᠠᠷᠯᠢᠭ ᠶᠢᠡᠷ ᠬᠤᠪᠢᠯᠠᠢ ᠳᠠᠴᠢᠷ ᠢ ᠣᠷᠤᠯᠠᠨ ᠵᠡᠭᠦᠨ ᠭᠠᠷᠤᠨ ᠴᠡᠷᠢᠭ᠌ ᠢ ᠵᠠᠭᠢᠷᠤᠨ ᠵᠢᠯᠤᠭᠤᠤᠠᠪᠠ᠃

1259 ᠣᠨ (ᠰᠢᠷᠠᠭᠴᠢᠨ ᠬᠤᠨᠢᠨ ᠵᠢᠯ᠂ ᠮᠥᠩᠭᠡ ᠬᠠᠭᠠᠨ ᠤ ᠶ‍ᠢᠰᠦᠳᠦᠭᠡᠷ ᠣᠨ)᠄

ᠮᠦᠨ ᠣᠨ ᠤ ᠳᠤᠯᠤᠭᠠᠨ ᠰᠠᠷᠠᠳᠠ ᠮᠥᠩᠭᠡ ᠬᠠᠭᠠᠨ ᠰᠸᠴᠤᠸᠠᠨ ᠤ ᠾᠧ ᠵᠸᠤ ᠶᠢᠨ ᠭᠠᠵᠠᠷ᠎ᠠ ᠡᠪᠠᠦᠡᠴᠢᠨ ᠶᠢᠡᠷ ᠨᠠᠰᠤᠨ ᠡᠴᠦᠰ ᠪᠣᠯᠪᠠ᠃ ᠰᠠᠭᠤᠷᠢᠨ᠎ᠠ ᠶ‍ᠢᠰᠤᠨ ᠵᠢᠯ ᠪᠣᠯᠪᠠᠢ᠃

1260 ᠣᠨ (ᠴᠠᠭᠠᠨ ᠪᠠᠴᠢᠨ ᠵᠢᠯ᠂ ᠵᠦᠩ ᠲᠦᠩ ᠤᠨ ᠳᠡᠷᠢᠭᠦᠨ ᠣᠨ)᠄

ᠬᠤᠪᠢᠯᠠᠢ ᠬᠠᠷ᠎ᠠ ᠬᠤᠷᠤᠮ ᠢ ᠰᠠᠭᠢᠨ ᠰᠠᠭᠤᠭᠰᠠᠨ ᠠᠷᠢᠭ ᠪᠣᠬ᠎ᠠ ᠶᠡᠭᠡ ᠣᠷᠤ ᠰᠠᠭᠤᠬᠤ ᠭᠡᠵᠤ ᠪᠠᠢ᠌ᠨ᠎ᠠ ᠭᠡᠰᠡᠨ ᠴᠢᠮᠡᠭᠡ ᠶᠢ ᠰᠤᠨᠤᠰᠤᠭᠠᠳ᠂ ᠡᠮᠦᠨᠡᠳᠤ ᠰᠦᠩ ᠣᠯᠤᠰ ᠯᠤᠭ᠎ᠠ ᠲᠦᠷ ᠡᠪᠰᠡᠨ ᠨᠠᠢ᠌ᠷᠠᠮᠳᠠᠵᠤ᠂ ᠮᠦᠨ ᠵᠢᠯ ᠤᠨ ᠬᠤᠶᠠᠳᠤᠭᠠᠷ ᠰᠠᠷ᠎ᠠ ᠳᠤ ᠣᠮᠠᠷᠠᠰᠢ ᠵᠦᠩᠳᠤ ᠪᠠᠯᠭᠠᠰᠤᠨ᠎ᠠ ᠪᠣᠴᠠᠵᠤ ᠢᠷᠠᠪᠠᠢ᠃

ᠭᠤᠳᠠᠭᠠᠷ ᠰᠠᠷᠠᠳᠠ ᠬᠤᠪᠢᠯᠠᠢ ᠺᠠᠢ ᠫᠢᠩ ᠪᠠᠯᠭᠠᠰᠤᠨ᠎ᠠ ᠭᠦᠷᠴᠤ᠂ ᠴᠢᠩᠭᠢᠰ ᠤᠨ ᠠᠯᠳᠠᠨ ᠣᠷᠤᠭ ᠤᠨ ᠬᠤᠷᠠᠯᠳᠠᠢ ᠡᠴᠡ ᠭᠠᠳᠠᠭᠤᠷ ᠦᠪᠡᠷ ᠤᠨ ᠬᠠᠷᠢᠶᠠᠨ ᠤ ᠨᠤᠶᠠᠤᠨ ᠤᠨ ᠳᠡᠮᠵᠢᠯᠭᠡ ᠪᠠᠷ ᠶᠡᠭᠡ ᠣᠷᠤ ᠰᠠᠭᠤᠵᠤ᠂ ᠣᠨ ᠤ ᠴᠤᠯᠠ ᠶᠢ ᠵᠦᠩ ᠲᠦᠩ ᠤᠨ ᠳᠡᠷᠢᠭᠦᠨ ᠣᠨ ᠭᠡᠮᠡᠪᠠᠢ᠃

ᠮᠦᠨ ᠣᠨ ᠤ ᠳᠦᠳᠦᠭᠡᠷ ᠰᠠᠷᠠᠳᠠ ᠲᠦᠪ ᠪᠢᠴᠢᠭ᠌ ᠤᠨ ᠬᠤᠷᠢᠶ᠎ᠠ ᠶᠢ ᠳᠠᠭᠢᠨ ᠰᠡᠷᠭᠦᠭᠡᠨ ᠪᠠᠢ᠌ᠭᠤᠯᠵᠤ᠂ ᠸᠠᠩ ᠸᠧᠨ ᠲᠦᠩ ᠭᠡᠮᠡᠭ᠍ᠴᠢ ᠶᠢ ᠫᠢᠩ ᠵᠠᠩ ᠵᠸᠩ ᠱᠢ ᠲᠦᠰᠢᠪᠠᠢ᠃ ᠪᠠᠰᠠ ᠠᠷᠪᠠᠨ ᠵᠠᠮ ᠤᠨ ᠰᠢᠤᠸᠠᠨ ᠹᠦ᠋ ᠰᠧ ᠶᠠᠮᠤᠨ ᠢ ᠡᠭᠦᠰᠭᠡᠨ ᠪᠠᠢ᠌ᠭᠤᠯᠵᠤ ᠰᠢᠤᠸᠠᠨ ᠹᠦ᠋ ᠱᠢ ᠲᠦᠰᠢᠮᠠᠤᠨ ᠢ ᠳᠤᠮᠢᠯᠠᠪᠠᠢ᠃

ᠮᠦᠨ ᠵᠢᠯ ᠤᠨ ᠳᠠᠪᠤᠨ ᠰᠠᠷᠠᠳᠠ ᠠᠷᠢᠭ ᠪᠣᠬ᠎ᠠ ᠪᠠᠰᠠ ᠬᠠᠷ᠎ᠠ ᠬᠤᠷᠤᠮ ᠳᠤ ᠮᠤᠩᠭ᠋ᠤᠯ ᠤᠨ ᠨᠤᠶᠠᠤᠨ ᠲᠦᠰᠢᠮᠠᠤᠨ ᠤᠨ ᠬᠤᠷᠠᠯᠳᠠᠢ ᠶᠢ ᠬᠤᠷᠠᠯᠳᠤᠭᠤᠯᠵᠤ ᠶᠡᠭᠡ ᠣᠷᠤ ᠰᠠᠭᠤᠪᠠᠢ᠃ ᠡᠢ᠌ᠡᠭᠦ ᠬᠠᠷ᠎ᠠ ᠬᠤᠷᠤᠮ᠂ ᠺᠠᠢ ᠫᠢᠩ ᠶᠢᠡᠷ ᠲᠦᠪ ᠪᠣᠯᠭᠠᠭᠰᠠᠨ ᠣᠯᠤᠰ ᠲᠦᠷᠦ ᠶᠢᠨ ᠬᠤᠶᠠᠷ ᠪᠦᠯᠦᠭ ᠵᠡᠷᠭᠡᠴᠡᠨ ᠣᠷᠤᠰᠢᠵᠤ ᠬᠤᠭᠤᠷᠤᠠᠳᠤ ᠪᠠᠨ ᠬᠠᠭᠠᠨ ᠡᠷᠭᠡ ᠪᠣᠯᠢᠶᠠᠯᠳᠤᠬᠤ ᠰᠢᠷᠦᠭᠦᠨ ᠳᠠᠮᠠᠴᠠᠯ ᠪᠣᠯᠪᠠᠢ᠃

ᠮᠦᠨ ᠣᠨ᠎ᠠ ᠬᠤᠪᠢᠯᠠᠢ ᠰᠠᠴᠠᠨ ᠬᠠᠭᠠᠨ ᠪᠠᠰᠠ ᠫᠠᠭᠪᠠ ᠪᠯᠠᠮ᠎ᠠ ᠶᠢ ᠣᠯᠤᠰ ᠤᠨ ᠪᠠᠭᠰᠢ ᠡᠷᠭᠦᠮᠵᠢᠯᠡᠵᠤ ᠮᠤᠩᠭ᠋ᠤᠯ ᠰᠢᠨ᠎ᠠ ᠥᠰᠦᠭ᠌ ᠢ ᠵᠤᠬᠢᠶᠠᠳᠤᠭᠠᠢ ᠭᠡᠮᠡᠨ ᠵᠠᠷᠯᠢᠭ ᠪᠣᠯᠪᠠᠢ᠃

1263 ᠣᠨ (ᠬᠠᠷᠠᠭᠴᠢᠨ ᠭᠠᠬᠠᠢ ᠵᠢᠯ᠂ ᠵᠦᠩ ᠲᠦᠩ ᠤᠨ ᠳᠦᠳᠦᠭᠡᠷ ᠣᠨ)᠄

ᠮᠦᠨ ᠣᠨ᠎ᠠ ᠬᠤᠪᠢᠯᠠᠢ ᠰᠠᠴᠠᠨ ᠬᠠᠭᠠᠨ ᠺᠠᠢ᠌ᠫᠢᠩ ᠪᠠᠯᠭᠠᠰᠤᠨ ᠢ ᠳᠡᠭᠡᠳᠤ ᠨᠠᠢ᠌ᠰᠯᠠᠯ (ᠱᠠᠩᠳᠤ) ᠭᠡᠮᠡᠨ ᠨᠠᠷᠠᠯᠠᠪᠠᠢ᠃

1264 ᠣᠨ (ᠭᠦᠭᠡ ᠬᠤᠯᠤᠭᠠᠨ᠎ᠠ ᠵᠢᠯ᠃ ᡁᠢ ᠶᠤᠸᠠᠨ ᠤ ᠳᠡᠷᠢᠭᠦᠨ ᠣᠨ)᠄

ᠮᠦᠨ ᠣᠨ ᠤ ᠳᠤᠯᠤᠳᠤᠭᠠᠷ ᠰᠠᠷ᠎ᠠ ᠳᠤ ᠠᠷᠢᠭ ᠪᠣᠬ᠎ᠠ ᠢᠯᠠᠭᠳᠠᠵᠤ ᠬᠤᠪᠢᠯᠠᠢ ᠰᠠᠴᠠᠨ ᠬᠠᠭᠠᠨ ᠳᠤ ᠳᠠᠭᠠᠷ᠎ᠠ ᠢᠷᠠᠪᠠᠢ᠃

ᠨᠢ᠋ᠮᠠᠳᠤᠭᠠᠷ ᠰᠠᠷ᠎ᠠ ᠳᠤ ᠬᠤᠪᠢᠯᠠᠢ ᠰᠠᠴᠠᠨ ᠨᠠᠢ᠌ᠰᠯᠠᠯ ᠶᠢᠡᠨ ᠵᠦᠩᠳᠤ ᠳᠤ ᠰᠢᠯᠵᠢᠭᠦᠯᠤᠨ ᠳᠠᠢ᠌ᠳᠤ ᠭᠡᠮᠡᠨ ᠨᠠᠷᠠᠯᠠᠪᠠᠢ᠃

ᠪᠠᠰᠠ ᠵᠦᠩ ᠲᠦᠩ ᠤᠨ ᠣᠨ ᠢ ᡁᠢ ᠶᠤᠸᠠᠨ ᠭᠡᠮᠡᠨ ᠥᠭᠡᠷᠡᠴᠢᠯᠡᠪᠠᠢ᠃

1268 ᠣᠨ (ᠰᠢᠷ᠎ᠠ ᠯᠤᠤ ᠵᠢᠯ᠂ ᡁᠢ ᠶᠤᠸᠠᠨ ᠤ ᠳᠠᠪᠣᠳᠤᠭᠠᠷ ᠣᠨ)᠄

ᠮᠦᠨ ᠣᠨ᠎ᠠ ᠥᠭᠡᠳᠡᠢ ᠶᠢᠨ ᠣᠭᠰᠠᠭᠠᠨ ᠤ ᠸᠠᠩ ᠬᠠᠢ᠌ᠳᠤ ᠪᠣᠯᠤᠨ ᠴᠠᠭᠠᠳᠠᠢ ᠶᠢᠨ ᠣᠭᠰᠠᠭᠠᠨ ᠤ ᠪᠣᠷᠠᠭ ᠨᠡᠷ ᠪᠠᠷᠠᠭᠤᠨ ᠬᠣᠢ᠌ᠳᠤ ᠳᠤ ᠴᠡᠷᠢᠭ᠌ ᠤᠨ ᠬᠤᠯᠪᠣᠭ᠎ᠠ ᠪᠠᠢ᠌ᠭᠤᠯᠵᠤ ᠬᠤᠪᠢᠯᠠᠢ ᠰᠠᠴᠠᠨ ᠬᠠᠭᠠᠨ ᠲᠡᠶ ᠡᠰᠡᠷᠭᠦᠴᠡᠯᠳᠦᠵᠡᠢ᠃

1269 ᠣᠨ (ᠰᠢᠷᠠᠭᠴᠢᠨ ᠮᠤᠭᠠᠢ ᠵᠢᠯ᠂ ᡁᠢ ᠶᠤᠸᠠᠨ ᠤ ᠵᠢᠷᠭᠤᠳᠤᠭᠠᠷ ᠣᠨ)᠄

ᠮᠦᠨ ᠣᠨ᠎ᠠ ᠬᠤᠪᠢᠯᠠᠢ ᠰᠠᠴᠠᠨ ᠫᠠᠭᠪᠠ ᠪᠯᠠᠮ᠎ᠠ ᠶᠢᠨ ᠵᠤᠬᠢᠶᠠᠭᠰᠠᠨ ᠮᠤᠩᠭ᠋ᠤᠯ ᠤᠨ ᠳᠦᠷᠪᠡᠯᠵᠢᠨ ᠥᠰᠦᠭ᠌ ᠢ ᠪᠦᠭᠦ ᠣᠯᠤᠰ ᠲᠤ ᠰᠤᠷᠴᠤ ᠭᠡᠷᠡᠭᠯᠡᠭᠦ ᠳᠤᠬᠠᠢ ᠵᠠᠷᠯᠢᠭ ᠪᠣᠯᠪᠠᠢ᠃

1271 ᠣᠨ (ᠴᠠᠭᠠᠭᠴᠢᠨ ᠬᠤᠨᠢᠨ ᠵᠢᠯ᠂ ᡁᠢ ᠶᠤᠸᠠᠨ ᠤ ᠨᠢ᠋ᠮᠠᠳᠤᠭᠠᠷ ᠣᠨ)᠄

ᠮᠦᠨ ᠣᠨ ᠤ ᠠᠷᠪᠠᠨ ᠨᠢᠭᠡᠳᠦᠭᠡᠷ ᠰᠠᠷ᠎ᠠ ᠳᠤ ᠬᠤᠪᠢᠯᠠᠢ ᠰᠠᠴᠠᠨ ᠬᠠᠭᠠᠨ ᠣᠯᠤᠰ ᠤᠨ ᠴᠤᠯᠠ ᠶᠢ ᠲᠡᠶ ᠦᠨ (〈 大元〉) ᠭᠡᠵᠤ ᠨᠠᠷᠠᠯᠠᠪᠠᠢ᠃

ᠪᠠᠰᠠ ᠮᠦᠨ ᠣᠨ᠎ᠠ᠂ ᠬᠠᠭᠠᠨ ᠭᠦᠪᠠᠭᠦᠨ ᠪᠧᠢ ᠫᠢᠩ ᠸᠠᠩ ᠨᠤᠮᠤᠬᠠᠨ ᠵᠠᠷᠯᠢᠭ ᠭᠦᠯᠢᠶᠡᠨ ᠠᠯᠢᠮᠠᠯᠢᠭ ᠤᠨ ᠰᠡᠷᠭᠡᠢ᠌ᠯᠡᠯᠳᠡ ᠳᠤ ᠭᠠᠷᠪᠠᠢ᠃

1271 ᠣᠨ (ᠭᠦᠭᠡ ᠨᠤᠬᠠᠢ ᠵᠢᠯ᠂ ᡁᠢ ᠶᠤᠸᠠᠨ ᠤ ᠠᠷᠪᠠᠨ ᠨᠢᠭᠡᠳᠦᠭᠡᠷ ᠣᠨ)᠄

ᠮᠦᠨ ᠣᠨ᠎ᠠ᠂ ᠬᠤᠪᠢᠯᠠᠢ ᠰᠠᠴᠠᠨ ᠬᠠᠭᠠᠨ ᠤ ᠵᠠᠷᠯᠢᠭ ᠶᠢᠡᠷ ᠵᠡᠭᠦᠨ ᠭᠠᠷᠤᠨ ᠴᠢᠩᠰᠠᠩ ᠪᠠᠶᠠᠨ ᠵᠠᠩᠵᠤᠨ ᠶᠡᠭᠡ ᠴᠡᠷᠢᠭ᠌ ᠢ ᠶᠡᠷᠦᠩᠭᠡᠢ᠌ᠯᠡᠨ ᠵᠠᠬᠢᠷᠴᠤ ᠡᠮᠦᠨᠡᠳᠤ ᠰᠦᠩ ᠣᠯᠤᠰ ᠣᠷᠤᠭᠤ ᠳᠠᠢ᠌ᠯᠠᠪᠠ᠃

1270 ᠣᠨ (ᠣᠯᠠᠭᠠᠨ ᠬᠤᠯᠤᠭᠠᠨ᠎ᠠ ᠵᠢᠯ᠂ ᡁᠢ ᠶᠤᠸᠠᠨ ᠤ ᠠᠷᠪᠠᠨ ᠭᠤᠷᠪᠠᠳᠤᠭᠠᠷ ᠣᠨ)᠄

ᠮᠦᠨ ᠣᠨ ᠤ ᠴᠠᠭᠠᠨ ᠰᠠᠷ᠎ᠠ ᠳᠤ ᠲᠡᠶ ᠦᠨ ᠣᠯᠤᠰ ᠤᠨ ᠴᠡᠷᠢᠭ᠌ ᠡᠮᠦᠨᠡᠳᠤ ᠰᠦᠩ ᠣᠯᠤᠰ ᠤᠨ ᠨᠠᠢ᠌ᠰᠯᠠᠯ ᠯᠢᠨ ᠡᠡᠨ ᠢ(ᠡᠳᠦᠭᠡ ᠶᠢᠨ ᠬᠠᠩᠵᠸᠤ ᠬᠤᠳᠠ) ᠳᠠᠢ᠌ᠯᠠᠨ ᠠᠪᠣᠪᠠᠢ᠃

ᠲ᠋ᠠᠪᠤᠨ ᠰᠠᠷᠠᠳᠠ ᠡᠢ ᠸᠠᠩ ᠵᠤᠤ ᠱᠢ ᠹᠦ᠋ ᠵᠸᠤ ᠳᠤᠷ ᠬᠠᠭᠠᠨ ᠣᠷᠤ ᠵᠠᠯᠭᠠᠮᠵᠢᠯᠠᠪᠠᠢ᠃

ᠮᠦᠨ ᠣᠨ᠎ᠠ᠂ ᠨᠤᠮᠤᠬᠠᠨ ᠤ ᠬᠠᠷᠢᠶᠠᠨ ᠤ ᠠᠯᠳᠠᠨ ᠣᠷᠤᠭ ᠤᠨ ᠸᠠᠩ ᠰᠠᠷᠢᠭᠢᠨ ᠣᠷᠪᠠᠯᠭᠠᠨ ᠭᠠᠷᠭᠠᠵᠤ᠂ ᠪᠧᠢ ᠫᠢᠩ ᠸᠠᠩ ᠨᠤᠮᠤᠬᠠᠨ ᠪᠣᠯᠤᠨ ᠵᠠᠯᠠᠢ᠌ᠷᠳᠠᠢ ᠠᠨ ᠲᠦᠩ ᠨᠡᠷ ᠢ ᠪᠠᠷᠢᠪᠴᠢᠯᠠᠨ ᠮᠥᠩᠭᠡᠳᠡᠮᠦᠷ᠂ ᠬᠡᠢ᠌ᠳᠤ ᠳᠤ ᠭᠦᠷᠭᠡᠪᠠᠢ᠃

1277 ᠣᠨ (ᠣᠯᠠᠭᠴᠢᠨ ᠥᠭᠡᠷ ᠵᠢᠯ᠂ ᡁᠢ ᠶᠤᠸᠠᠨ ᠤ ᠠᠷᠪᠠᠨ ᠳᠦᠷᠪᠠᠳᠦᠭᠡᠷ ᠣᠨ)᠄

ᠮᠦᠨ ᠣᠨ᠎ᠠ᠂ ᠪᠠᠶᠠᠨ ᠵᠠᠩᠵᠤᠨ ᠣᠷᠬᠤᠨ ᠭᠤᠤᠯ ᠤᠨ ᠳᠡᠷᠭᠡᠳᠡ ᠰᠠᠷᠢᠭᠢᠨ ᠤ ᠭᠦᠴᠤᠨ ᠢ ᠪᠣᠳᠠ ᠨᠢᠷᠭᠡᠪᠠᠢ᠃

1278 ᠣᠨ (ᠰᠢᠷ᠎ᠠ ᠪᠠᠷᠰ ᠵᠢᠯ᠂ ᡁᠢ ᠶᠤᠸᠠᠨ ᠤ ᠠᠷᠪᠠᠨ ᠳᠠᠪᠣᠳᠤᠭᠠᠷ ᠣᠨ)᠄

ᠮᠦᠨ ᠡᠦᠨ᠎ᠡ᠂ ᠡᠮᠦᠨᠡᠳᠤ ᠰᠦᠩ ᠣᠯᠤᠰ ᠤᠨ ᠬᠠᠭᠠᠨ ᠳ᠋ᠤᠸᠠᠨ ᠽᠦᠩ (端宗) ᠨᠠᠰᠤ ᠪᠠᠷᠡᠵᠤ᠂ ᠲ᠋ᠡᠭᠦᠨ ᠤ ᠳᠡᠭᠦᠤ ᠸᠸᠢ ᠸᠠᠩ ᠵᠤᠤ ᠪᠢᠩ ᠬᠠᠭᠠᠨ ᠣᠷᠤ ᠰᠠᠭᠤᠪᠠᠢ᠃

ᠪᠠᠰᠠ ᠮᠦᠨ ᠵᠢᠯ ᠤᠨ ᠠᠷᠪᠠᠨ ᠬᠤᠶᠠᠷ ᠰᠠᠷᠠᠳᠠ ᠡᠮᠦᠨᠡᠳᠤ ᠰᠦᠩ ᠣᠯᠤᠰ ᠤᠨ ᠲᠦᠰᠢᠮᠠᠯ ᠸᠧᠨ ᠲ᠋ᠢᠶᠠᠨ ᠰᠢᠶᠠᠩ ᠴᠡᠷᠢᠭ᠌ ᠢᠯᠠᠭᠳᠠᠵᠤ ᠮᠤᠩᠭ᠋ᠤᠯ ᠳᠤ ᠣᠯᠵᠠᠯᠠᠭᠳᠠᠪᠠᠢ᠃

1279 ᠣᠨ (ᠰᠢᠷᠠᠭᠴᠢᠨ ᠳᠠᠤᠯᠠᠢ ᠵᠢᠯ᠂ ᡁᠢ ᠶᠤᠸᠠᠨ ᠤ ᠠᠷᠪᠠᠨ ᠵᠢᠷᠭᠤᠳᠤᠭᠠᠷ ᠣᠨ)᠄

ᠮᠦᠨ ᠵᠢᠯ ᠤᠨ ᠬᠤᠶᠠᠳᠤᠭᠠᠷ ᠰᠠᠷᠠᠳᠠ ᠡᠮᠦᠨᠡᠳᠤ ᠰᠦᠩ ᠤᠨ ᠥᠯᠡᠳᠡᠭ᠍ᠳᠡᠯ ᠭᠦᠴᠤᠨ ᠪᠦᠷᠢᠨ᠎ᠡ ᠣᠰᠠᠤᠠᠬᠠᠭᠳᠠᠵᠤ ᠲᠦᠷᠦ ᠮᠥᠭᠦᠪᠠᠢ᠃

1281 ᠣᠨ (ᠴᠠᠭᠠᠭᠴᠢᠨ ᠮᠤᠭᠠᠢ ᠵᠢᠯ᠂ ᡁᠢ ᠶᠤᠸᠠᠨ ᠤ ᠠᠷᠪᠠᠨ ᠨᠢ᠋ᠮᠠᠳᠤᠭᠠᠷ ᠣᠨ)᠄

ᠮᠦᠨ ᠣᠨ᠎ᠠ ᠬᠤᠪᠢᠯᠠᠢ ᠰᠠᠴᠠᠨ ᠬᠠᠭᠠᠨ ᠶᠠᠫᠣᠨ ᠳᠤ ᠴᠡᠷᠢᠭ᠌ ᠳᠤᠮᠢᠯᠠᠭᠠᠳ᠂ ᠶᠡᠭᠡ ᠴᠡᠷᠢᠭ᠌ ᠳᠠᠯᠠᠢ ᠶᠢᠨ ᠳᠤᠭᠰᠢᠨ ᠰᠠᠯᠭᠢᠨ᠎ᠠ ᠳᠠᠭᠠᠷᠢᠯᠳᠤᠵᠤ᠂ ᠭᠦᠡᠳᠤ ᠥᠷᠡᠭ᠍ᠳᠡᠯ ᠦᠵᠡᠪᠠ᠃

1283 ᠣᠨ (ᠬᠠᠷᠠᠭᠴᠢᠨ ᠬᠤᠨᠢᠨ ᠵᠢᠯ᠂ ᡁᠢ ᠶᠤᠸᠠᠨ ᠤ ᠬᠤᠷᠢᠳᠤᠭᠠᠷ ᠣᠨ)᠄

ᠮᠦᠨ ᠵᠢᠯ ᠤᠨ ᠠᠷᠪᠠᠨ ᠬᠤᠶᠠᠳᠤᠭᠠᠷ ᠰᠠᠷ᠎ᠠ ᠳᠤ ᠹᠦ᠋ ᠵᠢᠶᠠᠨ ᠤ ᠵᠢᠶᠠᠨ ᠨᠢᠩ ᠤᠨ ᠭᠠᠵᠠᠷ᠎ᠠ ᠬᠤᠸᠠᠩ ᠬᠤᠧᠨ ᠶᠢᠨ ᠣᠳᠤᠷᠢᠳᠤᠭᠰᠠᠨ ᠠᠷᠪᠠᠨ ᠲᠦᠮᠡᠨ ᠭᠦᠮᠤᠨ ᠤ ᠠᠷᠠᠤᠨ ᠤᠨ ᠪᠣᠰᠤᠯᠭ᠎ᠠ ᠡᠭᠦᠰᠪᠡ᠃

ᠪᠠᠰᠠ ᠮᠦᠨ ᠣᠨ᠎ᠠ᠂ ᠲ᠋ᠠᠢ ᠦᠨ ᠣᠯᠤᠰ ᠶᠦᠨᠨᠠᠨ ᠡᠴᠡ ᠴᠡᠷᠢᠭ᠌ ᠳᠤᠮᠢᠯᠠᠨ ᠮᠢᠶᠠᠮ᠎ᠠ ᠣᠯᠤᠰ (ᠡᠳᠦᠭᠡ ᠶᠢᠨ ᠪᠢᠷᠮᠠ ᠣᠯᠤᠰ) ᠢ ᠳᠠᠢ᠌ᠯᠠᠪᠠᠢ᠃

1284 ᠣᠨ (ᠭᠦᠭᠡ ᠪᠠᠴᠢᠨ ᠵᠢᠯ᠂ ᡁᠢ ᠶᠤᠸᠠᠨ ᠤ ᠬᠤᠷᠢᠨ ᠨᠢᠭᠡᠨ ᠣᠨ)᠄

ᠮᠦᠨ ᠣᠨ ᠤ ᠴᠠᠭᠠᠨ ᠰᠠᠷ᠎ᠠ ᠳᠤ ᠵᠢᠶᠠᠨ ᠨᠢᠩ ᠤᠨ ᠠᠷᠠᠤᠨ ᠤᠨ ᠪᠣᠰᠤᠯᠭ᠎ᠠ ᠳᠠᠷᠤᠭᠳᠠᠵᠤ ᠬᠤᠸᠠᠩ ᠬᠤᠧᠨ ᠪᠠᠶ᠎ᠠ ᠪᠠᠨ ᠬᠤᠤᠷᠯᠠᠵᠤ ᠨᠠᠰᠤ ᠪᠠᠷᠠᠪᠠᠢ᠃

ᠮᠦᠨ ᠵᠢᠯ ᠤᠨ ᠭᠤᠳᠠᠭᠠᠷ ᠰᠠᠷ᠎ᠠ ᠳᠤ ᠬᠠᠢ᠌ᠳᠤ ᠸᠠᠩ ᠨᠤᠮᠤᠬᠠᠨ ᠪᠣᠯᠤᠨ ᠵᠠᠯᠠᠢ᠌ᠷᠳᠠᠢ ᠠᠨ ᠲᠦᠩ ᠢ ᠪᠣᠴᠠᠭᠠᠵᠤ ᠥᠭ᠍ᠪᠠᠢ᠃

ᠪᠠᠰᠠ ᠮᠦᠨ ᠣᠨ ᠳᠤ ᠲᠡᠶ ᠦᠨ ᠣᠯᠤᠰ ᠤᠨ ᠴᠡᠷᠢᠭ᠌ ᠠᠠᠨᠠᠮ ᠣᠷᠤᠭᠤ ᠴᠡᠷᠢᠭᠯᠡᠨ ᠣᠷᠤᠪᠠᠢ᠃

1285 ᠣᠨ (ᠭᠦᠭᠡᠭ᠍ᠴᠢᠨ ᠳᠠᠭᠢᠶ᠎ᠠ ᠵᠢᠯ᠂ ᡁᠢ ᠶᠤᠸᠠᠨ ᠤ ᠬᠤᠷᠢᠨ ᠬᠤᠶᠠᠳᠤᠭᠠᠷ ᠣᠨ)᠄

ᠮᠦᠨ ᠣᠨ᠎ᠠ ᠲ᠋ᠠᠢ ᠦᠨ ᠣᠯᠤᠰ ᠠᠠᠨᠠᠮ ᠡᠴᠡ ᠴᠡᠷᠢᠭ᠌ ᠶᠢᠡᠨ ᠳᠠᠳᠠᠪᠠᠢ᠃

1286 ᠣᠨ (ᠣᠯᠠᠭᠠᠨ ᠨᠤᠬᠠᠢ ᠵᠢᠯ᠂ ᡁᠢ ᠶᠤᠸᠠᠨ ᠤ ᠬᠤᠷᠢᠨ ᠭᠤᠷᠪᠠᠳᠤᠭᠠᠷ ᠣᠨ)᠄

ᠮᠦᠨ ᠣᠨ ᠤ ᠳᠠᠪᠤᠨ ᠰᠠᠷᠠᠳᠠ ᠲᠡᠶ ᠦᠨ ᠣᠯᠤᠰ ᠤᠨ ᠴᠡᠷᠢᠭ᠌ ᠡᠡᠡᠨᠡᠮ ᠣᠷᠤᠭᠤ ᠴᠡᠷᠢᠭᠯᠡᠭᠡᠤᠨ᠂ ᠵᠢᠷᠭᠤᠭᠠᠨ ᠰᠠᠷᠠᠳᠠ ᠴᠡᠷᠢᠭ᠌ ᠡᠭᠡᠪᠠᠢ᠃

ᠪᠠᠰᠠ ᠮᠦᠨ ᠵᠢᠯ ᠤᠨ ᠠᠷᠪᠠᠨ ᠰᠠᠷᠠᠳᠠ ᠲᠡᠶ ᠦᠨ ᠣᠯᠤᠰ ᠤᠨ ᠴᠡᠷᠢᠭ᠌ ᠮᠢᠶᠠᠮ᠎ᠠ ᠣᠯᠤᠰ ᠣᠷᠤᠭᠤ ᠳᠠᠭᠢᠨ ᠴᠡᠷᠢᠭᠯᠡᠪᠠᠢ᠃

1287 ᠣᠨ (ᠣᠯᠠᠭᠴᠢᠨ ᠭᠠᠬᠠᠢ ᠵᠢᠯ᠂ ᡁᠢ ᠶᠤᠸᠠᠨ ᠤ ᠬᠤᠷᠢᠨ ᠳᠦᠷᠪᠠᠳᠦᠭᠡᠷ ᠣᠨ)᠄

ᠮᠦᠨ ᠣᠨ ᠤ ᠳᠦᠷᠪᠡᠨ ᠰᠠᠷᠠᠳᠠ ᠣᠤᠠᠴᠢᠭᠢᠨ ᠤ ᠬᠣᠢ᠌ᠴᠢᠰ ᠨᠠᠶᠠᠨ ᠶᠢᠡᠷ ᠳᠡᠷᠢᠭᠦᠯᠦᠭ᠍ᠰᠡᠨ ᠵᠡᠭᠦᠨ ᠭᠠᠷᠤᠨ ᠸᠠᠩ ᠨᠤᠶᠠᠤᠨ ᠯᠢᠶᠤᠤ ᠳ᠋ᠦ᠋ᠩ ᠤᠨ ᠭᠠᠵᠠᠷ ᠰᠠᠮᠠᠭᠤᠷᠠᠯ ᠳᠡᠭ᠍ᠳᠡᠭᠡᠪᠠᠢ᠃ ᠬᠤᠪᠢᠯᠠᠢ ᠰᠠᠴᠠᠨ ᠪᠠᠶ᠎ᠠ ᠪᠠᠷ ᠳᠠᠢ᠌ᠯᠠᠨ ᠣᠤᠠᠴᠤ ᠰᠠᠮᠠᠭᠤᠷᠠᠯ ᠢ ᠳᠦᠪᠰᠢᠦᠡᠭᠡᠵᠤ ᠨᠠᠶᠠᠨ ᠢ ᠪᠠᠷᠢᠵᠤ ᠠᠯᠠᠵᠠᠢ᠃

1288 ᠣᠨ (ᠰᠢᠷ᠎ᠠ ᠬᠤᠯᠤᠭᠠᠨ᠎ᠠ ᠵᠢᠯ᠂ ᡁᠢ ᠶᠤᠸᠠᠨ ᠤ ᠬᠤᠷᠢᠨ ᠳᠠᠪᠣᠳᠤᠭᠠᠷ ᠣᠨ)᠄  ᠮᠦᠨ ᠣᠨ᠎ᠠ᠂ ᠬᠠᠢ᠌ᠳᠤ ᠪᠣᠯᠤᠨ ᠪᠣᠷᠠᠭ ᠤᠨ ᠭᠦᠪᠠᠭᠦᠨ ᠳᠤᠸ᠎ᠠ ᠪᠠᠷ ᠳᠡᠷᠢᠭᠦᠯᠦᠭ᠍ᠰᠡᠨ ᠪᠠᠷᠠᠭᠤᠨ ᠬᠣᠢ᠌ᠳᠤ ᠶᠢᠨ ᠸᠠᠩ ᠨᠤᠶᠠᠤᠨ ᠴᠡᠷᠢᠭ᠌ ᠡᠭᠦᠰᠭᠡᠨ ᠭᠤᠪᠢ ᠶᠢᠨ ᠠᠷᠤ ᠣᠷᠤᠨ ᠢ ᠳᠠᠭᠠᠷᠢᠵᠤ ᠳᠤᠪᠳᠤᠯᠪᠠᠢ᠃

1289 ᠣᠨ (ᠰᠢᠷᠠᠭᠴᠢᠨ ᠥᠭᠡᠷ ᠵᠢᠯ᠂ ᡁᠢ ᠶᠤᠸᠠᠨ ᠤ ᠬᠤᠷᠢᠨ ᠵᠢᠷᠭᠤᠳᠤᠭᠠᠷ ᠣᠨ)᠄

ᠮᠦᠨ ᠣᠨ ᠤ ᠳᠤᠯᠤᠳᠤᠭᠠᠷ ᠰᠠᠷᠠᠳᠠ ᠬᠠᠢ᠌ᠳᠤ ᠨᠡᠷ ᠬᠠᠷ᠎ᠠ ᠬᠤᠷᠤᠮ ᠢ ᠡᠵᠡᠯᠡᠨ ᠠᠪᠣᠪᠠᠢ᠃ ᠬᠤᠪᠢᠯᠠᠢ ᠰᠠᠴᠠᠨ ᠪᠠᠶ᠎ᠠ ᠪᠠᠷ ᠣᠮᠠᠷᠠᠰᠢ ᠳᠠᠢ᠌ᠯᠠᠭᠠᠤᠨ᠂ ᠬᠠᠷ᠎ᠠ ᠬᠤᠷᠤᠮ ᠬᠤᠳᠠ ᠶᠢ ᠪᠣᠴᠠᠭᠠᠨ ᠠᠪᠴᠤ᠂ ᠪᠠᠶᠠᠨ ᠵᠠᠩᠵᠤᠨ ᠪᠠᠷ ᠰᠠᠭᠢᠨ ᠰᠡᠷᠭᠡᠢ᠌ᠯᠡᠭᠦᠯᠪᠠᠢ᠃

1294 ᠣᠨ (ᠭᠦᠭᠡ ᠮᠤᠷᠢᠨ ᠵᠢᠯ᠂ ᡁᠢ ᠶᠤᠸᠠᠨ ᠤ ᠭᠤᠴᠢᠨ ᠨᠢᠭᠡᠳᠦᠭᠡᠷ ᠣᠨ)᠄

ᠮᠦᠨ ᠣᠨ ᠤ ᠴᠠᠭᠠᠨ ᠰᠠᠷᠠᠳᠠ ᠬᠤᠪᠢᠯᠠᠢ ᠰᠠᠴᠠᠨ ᠬᠠᠭᠠᠨ ᠳᠠᠢ᠌ᠳᠤ ᠳᠤ ᠨᠠᠰᠤ ᠪᠠᠷᠠᠪᠠᠢ᠃ ᠰᠠᠭᠤᠷᠢᠨ᠎ᠠ ᠭᠤᠴᠢᠨ ᠳᠠᠪᠤᠨ ᠣᠨ ᠪᠣᠯᠪᠠᠢ᠃

ᠬᠤᠪᠢᠯᠠᠢ ᠰᠠᠴᠠᠨ ᠬᠠᠭᠠᠨ ᠤ ᠠᠬᠠᠮᠠᠤᠨ ᠭᠦᠪᠠᠭᠦᠨ ᠴᠢᠩᠭᠢᠮ ᠬᠠᠭ᠎ᠠ ᠰᠠᠭᠤᠷᠢᠨ ᠵᠠᠯᠭᠠᠮᠵᠢᠯᠠᠬᠤ ᠬᠤᠸᠠᠩ ᠳᠠᠢ᠌ᠽᠢ ᠡᠷᠭᠦᠮᠵᠢᠯᠡᠭ᠍ᠳᠡᠭ᠍ᠰᠡᠨ ᠠᠪᠠᠴᠤ᠂ 1285 ᠣᠨ᠎ᠠ ᠨᠢᠭᠡ᠊ᠨᠳᠡ ᠨᠠᠰᠤ ᠪᠠᠷᠠᠭᠰᠠᠨ ᠳᠤᠯᠠ ᠴᠢᠩᠭᠢᠮ ᠤᠨ ᠭᠤᠳᠠᠭᠠᠷ ᠭᠦᠪᠠᠭᠦᠨ ᠳᠠᠮᠤᠷ ᠰᠢᠭᠢᠷ ᠨᠠᠭᠤᠷ᠎ᠠ ᠶᠡᠭᠡ ᠣᠷᠤ ᠵᠠᠯᠭᠠᠮᠵᠢᠯᠠᠵᠤ᠂ ᠬᠠᠭᠠᠨ ᠤ ᠴᠤᠯᠠ ᠶᠢ ᠦᠯᠵᠠᠢ᠌ᠳᠤ ᠬᠠᠭᠠᠨ ᠭᠡᠮᠡᠪᠠᠢ᠃ ᠭᠢᠳᠡᠳ ᠲᠤᠷ ᠴᠸᠩ ᠼᠦᠩ ᠭᠡᠮᠡᠮᠤ᠃

1300 ᠣᠨ (ᠴᠠᠭᠠᠨ ᠬᠤᠯᠤᠭᠠᠨ᠎ᠠ ᠵᠢᠯ᠂ ᠳ᠋ᠠ ᠳ᠋ᠧ ᠶᠢᠨ ᠳᠦᠳᠦᠭᠡᠷ ᠣᠨ)᠄

ᠮᠦᠨ ᠣᠨ ᠤ ᠠᠷᠪᠠᠨ ᠬᠤᠶᠠᠳᠤᠭᠠᠷ ᠰᠠᠷ᠎ᠠ ᠳᠤ ᠦᠯᠵᠡᠢ᠌ᠳᠤ ᠳᠠᠮᠤᠷ ᠬᠠᠭᠠᠨ ᠯᠢᠤ ᠱᠸᠩ ᠶᠢᠡᠷ ᠴᠡᠷᠢᠭ᠌ ᠵᠠᠭᠢᠷᠠᠭᠤᠯᠤᠨ ᠪᠠ ᠪᠧ ᠰᠢ ᠹᠦ᠋ ᠶᠢ(ᠡᠳᠦᠭᠡ ᠶᠢᠨ ᠲᠡᠶ ᠣᠯᠤᠰ ᠤᠨ ᠣᠮᠠᠷᠠᠳᠠᠭᠢ ᠣᠷᠤᠨ) ᠳᠠᠢ᠌ᠯᠠᠭᠤᠯᠪᠠᠢ᠃

1301 ᠣᠨ (ᠴᠠᠭᠠᠭᠴᠢᠨ ᠥᠭᠡᠷ ᠵᠢᠯ᠂ ᠳ᠋ᠠ ᠳ᠋ᠧ ᠶᠢᠨ ᠳᠠᠪᠣᠳᠤᠭᠠᠷ ᠣᠨ)᠄

ᠮᠦᠨ ᠣᠨ᠎ᠠ᠂ ᠪᠠᠷᠠᠭᠤᠨ ᠬᠣᠢ᠌ᠳᠤ ᠶᠢᠨ ᠸᠠᠩ ᠨᠤᠶᠠᠤᠨ ᠬᠠᠢ᠌ᠳᠤ ᠳᠤᠸ᠎ᠠ ᠨᠡᠷ ᠳᠠᠭᠢᠨ ᠴᠡᠷᠢᠭ᠌ ᠡᠭᠦᠰᠭᠡᠨ ᠠᠯᠳᠠᠢ ᠠᠭᠤᠯᠠ ᠪᠠᠷ ᠵᠡᠭᠦᠡᠰᠢ ᠴᠡᠷᠢᠭᠯᠡᠨ ᠣᠷᠤᠪᠠᠢ᠃ ᠬᠤᠸᠠᠢ ᠨᠢᠩ ᠸᠠᠩ ᠬᠠᠢ᠌ᠰᠠᠨ᠂ ᠢ᠌ᠨ ᠸᠠᠩ ᠭᠠᠮᠠᠯᠠ ᠨᠡᠷ ᠭᠦᠴᠤᠨ ᠡᠯᠪᠠᠵᠤ ᠳᠤᠰᠴᠤ ᠪᠠᠢ᠌ᠯᠳᠤᠭᠠᠤᠨ ᠬᠠᠢ᠌ᠳᠤ ᠶᠢᠨ ᠭᠦᠴᠤᠨ ᠢ ᠶᠡᠭᠡᠳᠡ ᠢᠯᠠᠪᠠᠢ᠃ ᠬᠠᠢ᠌ᠳᠤ ᠳᠠᠪᠠᠭᠠᠨ ᠤ ᠠᠷᠤ ᠡᠴᠡ ᠣᠬᠤᠷᠢᠨ ᠭᠠᠷᠤᠭᠠᠤᠨ ᠣᠳᠠᠯ ᠦᠭᠡᠶ ᠨᠠᠰᠤ ᠪᠠᠷᠠᠪᠠᠢ᠃

1303 ᠣᠨ (ᠬᠠᠷᠠᠭᠴᠢᠨ ᠳᠠᠤᠯᠠᠢ ᠵᠢᠯ᠂ ᠳ᠋ᠠ ᠳ᠋ᠧ ᠶᠢᠨ ᠳᠤᠯᠤᠳᠤᠭᠠᠷ ᠣᠨ)᠄

ᠮᠦᠨ ᠣᠨ᠎ᠠ᠂ ᠪᠠᠷᠠᠭᠤᠨ ᠬᠣᠢ᠌ᠳᠤ ᠶᠢᠨ ᠣᠯᠠᠨ ᠸᠠᠩ ᠨᠤᠶᠠᠤᠨ ᠡᠴᠡ ᠦᠯᠵᠡᠢ᠌ᠳᠤ ᠳᠠᠮᠤᠷ ᠬᠠᠭᠠᠨ᠎ᠠ ᠡᠯᠴᠢᠨ ᠳᠤᠮᠢᠯᠠᠨ ᠢᠷᠡᠭᠦᠯᠵᠤ᠂ ᠡᠪᠰᠡᠨ ᠨᠠᠢ᠌ᠷᠠᠮᠳᠠᠬᠤ ᠶᠢ ᠭᠤᠶᠤᠪᠠᠢ᠃

1307 ᠣᠨ (ᠣᠯᠠᠭᠴᠢᠨ ᠬᠤᠨᠢᠨ ᠵᠢᠯ᠂ ᠳ᠋ᠠ ᠳ᠋ᠧ ᠶᠢᠨ ᠠᠷᠪᠠᠨ ᠨᠢᠭᠡᠳᠦᠭᠡᠷ ᠣᠨ)᠄

ᠮᠦᠨ ᠣᠨ ᠤ ᠴᠠᠭᠠᠨ ᠰᠠᠷᠠᠳᠠ ᠦᠯᠵᠡᠢ᠌ᠳᠤ ᠳᠠᠮᠤᠷ ᠬᠠᠭᠠᠨ ᠳᠦᠴᠢᠨ ᠳᠦᠷᠪᠡᠨ ᠨᠠᠰᠤᠨ ᠳᠤᠷ ᠶᠢᠡᠨ ᠳᠠᠢ᠌ᠳᠤ ᠳᠤ ᠨᠠᠰᠤᠨ ᠡᠴᠦᠰ ᠪᠣᠯᠵᠤ ᠰᠠᠭᠤᠷᠢᠨ᠎ᠠ ᠠᠷᠪᠠᠨ ᠳᠦᠷᠪᠡᠨ ᠵᠢᠯ ᠪᠣᠯᠪᠠᠢ᠃

ᠮᠦᠨ ᠣᠨ ᠤ ᠭᠤᠷᠪᠠᠳᠤᠭᠠᠷ ᠰᠠᠷᠠᠳᠠ ᠦᠯᠵᠡᠢ᠌ᠳᠤ ᠳᠠᠮᠤᠷ ᠬᠠᠭᠠᠨ ᠤ ᠠᠬ᠎ᠠ ᠳ᠋ᠠᠷᠮᠠᠪᠠᠯ ᠤᠨ ᠭᠦᠪᠠᠭᠦᠨ ᠠᠶᠤᠷᠪᠠᠯᠪᠠᠤᠨ ᠠᠨᠤ ᠣᠷᠳᠤᠨ ᠤ ᠳᠤᠳᠤᠷ᠎ᠠ ᠲᠦᠷᠦ ᠶᠢᠨ ᠬᠤᠪᠢᠰᠤᠯ ᠡᠭᠦᠰᠭᠡᠨ᠂ ᠡᠡᠡᠨᠡᠳᠡ ᠪᠣᠯᠤᠨ ᠵᠡᠭᠦᠨ ᠭᠠᠷᠤᠨ ᠴᠢᠩᠰᠠᠩ ᠠᠬᠤᠳᠠᠢ ᠨᠡᠷ ᠢ ᠪᠠᠷᠢᠪᠴᠢᠯᠠᠨ᠂ ᠭᠤᠪᠢ ᠶᠢᠨ ᠠᠷᠤ ᠳᠤ ᠪᠠᠢ᠌ᠭᠰᠠᠨ ᠬᠤᠸᠠᠢ ᠨᠢᠩ ᠸᠠᠩ ᠬᠠᠢ᠌ᠰᠠᠨ ᠠᠬ᠎ᠠ ᠶᠢ ᠪᠠᠨ ᠳᠠᠢ᠌ᠳᠤ ᠳᠤ ᠣᠷᠢᠵᠤ ᠢᠷᠡᠭᠦᠯᠪᠠᠢ᠃

ᠲ᠋ᠠᠪᠤᠨ ᠰᠠᠷᠠᠳᠠ ᠬᠠᠢ᠌ᠰᠠᠨ ᠣᠯᠠᠨ ᠨᠤᠶᠠᠤᠨ ᠲᠦᠰᠢᠮᠠᠤᠨ ᠤᠨ ᠬᠤᠷᠠᠯᠳᠠᠢ ᠶᠢ ᠬᠤᠷᠠᠯᠳᠤᠭᠤᠯᠵᠤ ᠶᠡᠭᠡ ᠣᠷᠤ ᠰᠠᠭᠤᠪᠠᠢ᠃ ᠬᠠᠭᠠᠨ ᠤ ᠴᠤᠯᠠ ᠶᠢ ᠭᠦᠯᠦᠭ᠌ ᠬᠠᠭᠠᠨ ᠭᠡᠮᠡᠮᠤ᠃ ᠭᠢᠳᠡᠳ ᠶᠢᠡᠷ ᠦᠼᠤᠩ (武宗) ᠭᠡᠮᠡᠮᠦᠢ᠃

1311 ᠣᠨ (ᠴᠠᠭᠠᠭᠴᠢᠨ ᠭᠠᠬᠠᠢ ᠵᠢᠯ᠂ ᡁᠢ ᠳ᠋ᠠ ᠶᠢᠨ ᠳᠦᠳᠦᠭᠡᠷ ᠣᠨ)᠄

ᠮᠦᠨ ᠵᠢᠯ ᠤᠨ ᠴᠠᠭᠠᠨ ᠰᠠᠷᠠᠳᠠ ᠬᠠᠢ᠌ᠰᠠᠨ ᠭᠦᠯᠦᠭ᠌ ᠬᠠᠭᠠᠨ ᠳᠠᠢ᠌ᠳᠤ ᠳ᠋ᠤ ᠨᠠᠰᠤᠨ ᠡᠴᠦᠰ ᠪᠣᠯᠪᠠᠢ᠃ ᠰᠠᠭᠤᠷᠢᠨ᠎ᠠ ᠳᠠᠪᠤᠨ ᠵᠢᠯ ᠪᠣᠯᠪᠠᠢ᠃

ᠮᠦᠨ ᠵᠢᠯ ᠤᠨ ᠳᠦᠳᠦᠭᠡᠷ ᠰᠠᠷᠠᠳᠠ ᠳᠡᠭᠦᠤ ᠢᠨᠤ ᠠᠶᠤᠷᠪᠠᠯᠪᠠᠤᠨ ᠣᠷᠢᠳᠤ ᠬᠤᠸᠠᠩ ᠳᠠᠢ᠌ᠽᠢ ᠡᠷᠭᠦᠮᠵᠢᠯᠡᠭ᠍ᠳᠡᠭ᠍ᠰᠡᠨ ᠤ ᠤᠴᠢᠷ᠂ ᠶᠡᠭᠡ ᠣᠷᠤ ᠵᠠᠯᠭᠠᠮᠵᠢᠯᠠᠪᠠᠢ᠃ ᠬᠠᠭᠠᠨ ᠤ ᠴᠤᠯᠠ ᠶᠢ ᠪᠣᠶᠠᠠᠳᠤ ᠬᠠᠭᠠᠨ ᠭᠡᠮᠡᠮᠦᠢ᠃ ᠭᠢᠳᠠᠤᠨ ᠰᠤᠷᠪᠣᠯᠵᠢ ᠳᠤ ᠿᠸᠡᠼᠥᠩ(仁宗)ᠭᠡᠮᠡᠮᠦᠢ᠃

1320 ᠣᠨ (ᠴᠠᠭᠠᠨ ᠪᠠᠴᠢᠨ ᠵᠢᠯ᠂ ᠶᠠᠨ ᠶ‍ᠢᠤ ᠶᠢᠨ ᠳᠤᠯᠤᠳᠤᠭᠠᠷ ᠣᠨ)᠄

ᠮᠦᠨ ᠣᠨ ᠤ ᠬᠠᠪᠣᠷ ᠤᠨ ᠳᠡᠷᠢᠭᠦᠨ ᠰᠠᠷᠠᠳᠠ ᠠᠶᠤᠷᠪᠠᠯᠪᠠᠤᠨ ᠪᠣᠶᠠᠠᠳᠤ ᠬᠠᠭᠠᠨ ᠭᠤᠴᠢᠨ ᠵᠢᠷᠭᠤᠭᠠᠨ ᠨᠠᠰᠤᠨ ᠳᠠᠭᠠᠨ ᠨᠠᠰᠤ ᠪᠠᠷᠠᠪᠠᠢ᠃ ᠰᠠᠭᠤᠷᠢᠨ᠎ᠠ ᠠᠷᠪᠠᠨ ᠵᠢᠯ ᠪᠣᠯᠪᠠᠢ᠃

ᠭᠤᠷᠪᠠᠨ ᠰᠠᠷᠠᠳᠠ ᠬᠠᠭᠠᠨ ᠭᠦᠪᠠᠭᠦᠨ ᠰᠢᠳᠠᠪᠠᠯᠠ ᠶᠡᠭᠡ ᠣᠷᠤ ᠰᠠᠭᠤᠪᠠᠢ᠃ ᠬᠠᠭᠠᠨ ᠤ ᠴᠤᠯᠠ ᠶᠢ᠌ ᠭᠡᠭᠡᠨ ᠬᠠᠭᠠᠨ ᠭᠡᠮᠡᠮᠤ᠃ ᠭᠢᠳᠡᠳ ᠰᠤᠷᠪᠣᠯᠵᠢ ᠳ᠋ᠤ ᠶ‍ᠢᠩ ᠼᠦᠩ (英宗) ᠭᠡᠮᠡᠮᠦᠢ᠃

1323 ᠣᠨ (ᠬᠠᠷᠠᠭᠴᠢᠨ ᠭᠠᠬᠠᠢ ᠵᠢᠯ᠂ ᡁᠢ ᡁᠢ ᠶᠢᠨ ᠭᠤᠷᠪᠠᠳᠤᠭᠠᠷ ᠣᠨ)᠄

ᠮᠦᠨ ᠣᠨ ᠤ ᠨᠢ᠋ᠮᠠᠨ ᠰᠠᠷᠠᠳᠠ ᠰᠢᠳᠠᠪᠠᠯᠠ ᠭᠡᠭᠡᠨ ᠬᠠᠭᠠᠨ ᠱᠠᠩᠳᠤ ᠪᠠᠯᠭᠠᠰᠤᠨ ᠡᠴᠡ ᠳᠠᠢ᠌ᠳᠤ ᠳᠤ ᠪᠣᠴᠠᠬᠤ ᠳᠠᠭᠠᠨ ᠱᠠᠩᠳᠤ ᠶᠢᠨ ᠡᠮᠦᠨ᠎ᠡ ᠭᠦᠳᠦᠯ ᠳᠤ ᠠᠶᠠᠷᠯᠠᠵᠤ ᠰᠠᠭᠠᠳᠠᠪᠠᠢ᠃ ᠨᠢ᠋ᠮᠠᠨ ᠰᠠᠷᠠᠢ᠌ᠨ ᠳᠠᠪᠤᠨ ᠤ ᠰᠦᠨᠢ ᠳᠠᠪᠰᠢ ᠨᠡᠷ ᠬᠠᠭᠠᠨ ᠤ ᠴᠠᠴᠠᠷ ᠲᠤ ᠬᠠᠯᠳᠠᠨ ᠭᠡᠭᠡᠨ ᠬᠠᠭᠠᠨ ᠢ ᠭᠡᠪᠳᠡᠷᠢ ᠳ᠋ᠤᠨᠢ ᠬᠦᠷᠦᠭᠡᠪᠠᠢ᠃ ᠵᠡᠭᠦᠨ ᠭᠠᠷᠤᠨ ᠴᠢᠩᠰᠠᠩ ᠪᠠᠢ᠌ᠵᠤ ᠰᠢᠳᠠᠪᠠᠯᠠ ᠭᠡᠭᠡᠨ ᠬᠠᠭᠠᠨ ᠤ ᠬᠠᠮᠳᠤ ᠮᠦᠨ ᠳᠠᠠᠳᠠ ᠬᠤᠷᠤᠭᠠᠭᠳᠠᠪᠠᠢ᠃

ᠮᠦᠨ ᠵᠢᠯ ᠤᠨ ᠶ‍ᠢᠰᠤᠨ ᠰᠠᠷᠠᠳᠠ ᠭᠠᠮᠠᠯᠠ ᠶᠢᠨ (ᠴᠢᠩᠭᠢᠮ ᠤᠨ ᠠᠬᠠᠮᠠᠤᠨ ᠭᠦᠪᠠᠭᠦᠨ) ᠭᠦᠪᠠᠭᠦᠨ ᠡᠰᠡ᠊ᠨᠳᠡᠮᠦᠷ ᠳᠠᠪᠰᠢ ᠨᠡᠷ ᠤᠨ ᠳᠡᠮᠵᠢᠯᠭᠡ ᠪᠠᠷ ᠶᠡᠭᠡ ᠣᠷᠤ ᠵᠠᠯᠭᠠᠮᠵᠢᠯᠠᠪᠠᠢ᠃ ᠭᠢᠳᠠᠤᠨ ᠰᠤᠷᠪᠣᠯᠵᠢ ᠳᠤ ᠲᠡᠶ ᠳ᠋ᠢᠩ ᠳ᠋ᠢ ᠭᠡᠮᠡᠮᠦᠢ᠃

ᠳᠠᠷᠤᠮ᠄ 20895
ᠴᠠᠭ᠄ 2006 ᠤᠨ ᠤ 04 ᠰᠠᠷ᠎ᠠ ᠶᠢᠨ 16
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ