ᠨᠡᠪᠲᠡᠷᠡᠨ ᠤᠷᠤᠬᠤ
ᠬᠤᠶᠠᠷ ᠂ 1218 ᠤᠨ ᠡᠴᠡ 1246 ᠤᠨ ᠬᠦᠷᠲᠡᠯ᠎ᠡ

1218 ᠣᠨ (ᠰᠢᠷ᠎ᠠ ᠪᠠᠷᠰ ᠵᠢᠯ᠂ ᠴᠢᠩᠭᠢᠰ ᠬᠠᠭᠠᠨ ᠤ ᠠᠷᠪᠠᠨ ᠭᠤᠷᠪᠠᠳᠤᠭᠠᠷ ᠣᠨ᠂ ᠠᠯᠳᠠᠨ ᠣᠯᠤᠰ ᠤᠨ ᠰᠢᠩ ᠳᠢᠩ ᠤᠨ ᠬᠤᠶᠠᠳᠤᠭᠠᠷ ᠣᠨ᠂ ᠠᠮᠤᠨᠠᠳᠤ ᠰᠦᠩ ᠣᠯᠤᠰ ᠤᠨ ᠵᠢᠶᠠ ᠳ᠋ᠢᠩ ᠤᠨ ᠠᠷᠪᠠᠨ ᠨᠢᠭᠡᠳᠦᠭᠡᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠠᠪᠢᠨ ᠳᠤᠯᠤᠭ᠎ᠠ ᠲᠡᠶ᠃ ᠮᠦᠨ ᠣᠨ᠎ᠠ᠂ ᠴᠢᠩᠭᠢᠰ ᠬᠠᠭᠠᠨ ᠪᠠᠰᠤᠳ ᠤᠨ ᠵᠠᠪᠠ ᠳᠤ ᠬᠤᠶᠠᠷ ᠲᠦᠮᠡᠨ ᠴᠡᠷᠢᠭ᠌ ᠥᠭ᠍ᠴᠤ ᠮᠤᠩᠭ᠋ᠤᠯ ᠪᠣᠯᠤᠨ ᠰᠠᠷᠳᠠᠭᠤᠯ ᠣᠯᠤᠰ ᠤᠨ ᠬᠤᠭᠤᠷᠤᠠᠳᠠᠭᠢ ᠬᠠᠷ᠎ᠠ ᠭᠢᠳᠠᠨ (ᠪᠠᠰᠠ ᠪᠠᠷᠠᠭᠤᠨ ᠯᠢᠶᠤᠤ ᠣᠯᠤᠰ ᠭᠡᠮᠡᠳᠡᠭ᠌ ᠪᠣᠶᠤ) ᠣᠯᠤᠰ ᠲᠤ ᠮᠤᠷᠢᠯᠠᠭᠤᠯᠪᠠᠢ᠃

ᠪᠠᠰᠠ ᠮᠦᠨ ᠣᠨ᠎ᠠ᠂ ᠴᠢᠩᠭᠢᠰ ᠬᠠᠭᠠᠨ ᠳᠦᠷᠪᠡᠨ ᠵᠠᠭᠤ ᠳᠠᠪᠢᠨ ᠭᠦᠮᠤᠨ ᠳᠠᠪᠤᠨ ᠵᠠᠭᠤᠨ ᠳᠡᠮᠡᠭᠡᠨ ᠠᠴᠢᠶ᠎ᠠ ᠭᠦᠰᠡᠭᠡ ᠲᠡᠶ ᠠᠷᠠᠯᠵᠢᠶᠠᠨ ᠤ ᠪᠦᠯᠭᠦᠮ ᠢ ᠰᠠᠷᠳᠠᠭᠤᠯ ᠣᠯᠤᠰ ᠲᠤ ᠢᠯᠡᠭᠡᠪᠠᠢ᠃

ᠴᠢᠩᠭᠢᠰ ᠬᠠᠭᠠᠨ ᠤ ᠳᠤᠮᠢᠯᠠᠭᠰᠠᠨ ᠠᠷᠠᠯᠵᠢᠶᠠᠨ ᠤ ᠪᠦᠯᠭᠦᠮ ᠰᠠᠷᠳᠠᠭᠤᠯ ᠣᠯᠤᠰ ᠤᠨ ᠭᠢᠯᠢ ᠳᠠᠭᠢ ᠣᠲ᠋ᠷᠠᠷ ᠬᠤᠳᠠᠨ᠎ᠠ ᠭᠦᠷᠦᠭ᠍ᠰᠡᠨ᠎ᠡ᠂ ᠲ᠋ᠦᠰ ᠬᠤᠳᠠ ᠶᠢᠨ ᠳᠠᠷᠤᠭ᠎ᠠ ᠢᠨᠠᠯᠴᠤᠺ ᠭᠡᠮᠡᠭ᠍ᠴᠢ ᠰᠠᠷᠳᠠᠭᠤᠯ ᠤᠨ ᠡᠵᠡᠨ ᠬᠠᠨ ᠮᠠᠯᠢᠺ ᠤᠨ ᠵᠠᠷᠯᠢᠭ ᠶᠢᠡᠷ ᠮᠤᠩᠭ᠋ᠤᠯ ᠤᠨ ᠠᠷᠠᠯᠵᠢᠶᠠᠨ ᠤ ᠪᠦᠯᠭᠦᠮ ᠤᠨ ᠭᠦᠮᠦᠰ ᠢ ᠴᠦᠮ ᠭᠢᠳᠤᠨ ᠡᠡᠯᠡᠵᠦᠬᠤᠢ᠃ ᠡᠭᠦᠨ ᠢ ᠳᠡᠦᠭᠡᠨ᠎ᠡ 《ᠤᠲ᠋ᠷᠡᠷ ᠤᠨ ᠭᠡᠷᠡᠭ᠌ ᠬᠤᠪᠢᠰᠦᠯ》 ᠭᠡᠮᠡᠨ ᠨᠡᠷᠡᠯᠡᠳᠡᠭ᠌ ᠪᠣᠶᠤ᠃

1219 ᠣᠨ (ᠰᠢᠷᠠᠭᠴᠢᠨ ᠳᠠᠤᠯᠠᠢ ᠵᠢᠯ᠂ ᠴᠢᠩᠭᠢᠰ ᠬᠠᠭᠠᠨ ᠤ ᠠᠷᠪᠠᠨ ᠳᠦᠷᠪᠠᠳᠦᠭᠡᠷ ᠣᠨ᠂ ᠠᠯᠳᠠᠨ ᠣᠯᠤᠰ ᠤᠨ ᠰᠢᠩ ᠳᠢᠩ ᠤᠨ ᠭᠤᠳᠠᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠠᠷᠪᠠᠨ ᠬᠤᠶᠠᠳᠤᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠠᠪᠢᠨ ᠨᠢ᠋ᠮᠠ ᠲᠡᠶ᠃ ᠮᠦᠨ ᠣᠨ᠎ᠠ᠂ ᠴᠢᠩᠭᠢᠰ ᠬᠠᠭᠠᠨ ᠬᠤᠷᠢᠨ ᠲᠦᠮᠡᠨ ᠴᠡᠷᠢᠭ᠌ ᠳᠠᠢ᠌ᠴᠢᠯᠠᠵᠤ ᠰᠠᠷᠳᠠᠭᠤᠯ ᠣᠯᠤᠰ ᠣᠷᠤᠭᠤ ᠮᠤᠷᠢᠯᠠᠪᠠᠢ᠃

1220 ᠣᠨ (ᠴᠠᠭᠠᠨ ᠯᠤᠤ ᠵᠢᠯ᠂ ᠴᠢᠩᠭᠢᠰ ᠬᠠᠭᠠᠨ ᠤ ᠠᠷᠪᠠᠨ ᠳᠠᠪᠣᠳᠤᠭᠠᠷ ᠣᠨ᠂ ᠠᠯᠳᠠᠨ ᠣᠯᠤᠰ ᠤᠨ ᠰᠢᠩ ᠳ᠋ᠢᠩ ᠤᠨ ᠳᠦᠳᠦᠭᠡᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠠᠷᠪᠠᠨ ᠭᠤᠷᠪᠠᠳᠤᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠠᠪᠢᠨ ᠶ‍ᠢᠰᠤ ᠲᠡᠶ᠃ ᠴᠢᠩᠭᠢᠰ ᠬᠠᠭᠠᠨ ᠶᠡᠭᠡ ᠴᠡᠷᠢᠭ᠌ ᠢ ᠳᠠᠢ᠌ᠴᠢᠯᠠᠨ ᠰᠠᠷᠳᠠᠭᠤᠯ ᠣᠯᠤᠰ ᠤᠨ ᠭᠢᠯᠢ ᠳᠤ ᠴᠦᠮᠦᠷᠢᠨ ᠣᠷᠤᠭᠰᠠᠨ ᠤ ᠳᠠᠷᠠᠭ᠎ᠠ ᠰᠠᠷᠳᠠᠭᠤᠯ ᠤᠨ ᠪᠦᠬᠠᠷᠠ᠂ ᠰᠠᠮᠠᠷᠺᠠᠨᠳ᠋ ᠵᠡᠷᠭᠡ ᠬᠤᠳᠠ ᠪᠠᠯᠭᠠᠤᠨ ᠢ ᠡᠵᠡᠯᠡᠨ ᠠᠪᠣᠪᠠᠢ᠃ ᠪᠠᠰᠠ ᠵᠠᠪᠠ ᠵᠡᠩᠵᠤᠨ᠂ ᠰᠥᠪᠠᠭᠡᠳᠡᠢ ᠪᠠᠭᠠᠳᠤᠷ ᠢ ᠳᠤᠮᠢᠯᠠᠨ ᠰᠠᠷᠳᠠᠭᠤᠯ ᠤᠨ ᠡᠵᠡᠨ ᠬᠠᠨ ᠮᠠᠯᠢᠺ ᠢ ᠨᠡᠭᠡᠮᠵᠢᠯᠡᠭᠦᠯᠪᠠᠢ᠃

ᠮᠦᠨ ᠣᠨ ᠤ ᠠᠷᠪᠠᠨ ᠬᠤᠶᠠᠷ ᠰᠠᠷᠠᠳᠠ ᠬᠠᠨ ᠮᠠᠯᠢᠺ ᠳᠤᠳᠤᠭᠠᠳᠤ ᠳᠠᠩᠭᠢᠰ ᠤᠨ ᠪᠠᠭ᠎ᠠ ᠠᠷᠠᠯ ᠳᠡᠭᠡᠷ᠎ᠡ ᠨᠠᠰᠤ ᠪᠠᠷᠠᠵᠤ ᠳᠡᠭᠦᠨ ᠤ ᠭᠦᠪᠠᠭᠦᠨ ᠵᠠᠯᠠᠯᠳᠢᠨ ᠰᠠᠷᠳᠠᠭᠤᠯ ᠣᠯᠤᠰ ᠤᠨ ᠬᠠᠭᠠᠨ ᠣᠷᠤ ᠶᠢ ᠵᠠᠯᠭᠠᠮᠵᠢᠯᠠᠪᠠᠢ᠃

1221 ᠣᠨ ( ᠴᠠᠭᠠᠭᠴᠢᠨ ᠮᠤᠭᠠᠢ ᠵᠢᠯ᠂ ᠴᠢᠩᠭᠢᠰ ᠬᠠᠭᠠᠨ ᠤ ᠠᠷᠪᠠᠨ ᠵᠢᠷᠭᠤᠳᠤᠭᠠᠷ ᠣᠨ᠂ ᠠᠯᠳᠠᠨ ᠣᠯᠤᠰ ᠤᠨ ᠰᠢᠩ ᠳ᠋ᠢᠩ ᠤᠨ ᠳᠠᠪᠣᠳᠤᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠠᠷᠪᠠᠨ ᠳᠦᠷᠪᠠᠳᠦᠭᠡᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠵᠢᠷᠠ ᠲᠡᠶ᠃ ᠴᠢᠩᠭᠢᠰ ᠬᠠᠭᠠᠨ ᠴᠡᠭᠠᠳᠡᠢ᠂ ᠥᠭᠡᠳᠡᠢ ᠪᠠᠷ ᠪᠠᠷᠠᠭᠤᠨ ᠭᠠᠷ ᠤᠨ ᠴᠡᠷᠢᠭ᠌ ᠢ ᠣᠳᠤᠷᠢᠳᠤᠭᠤᠯᠵᠤ ᠰᠠᠷᠳᠠᠭᠤᠯ ᠤᠨ ᠬᠠᠭᠤᠴᠢᠨ ᠨᠠᠢ᠌ᠰᠯᠠᠯ ᠥᠷᠦᠩᠭᠡᠴᠢ ᠬᠤᠳᠠ ᠶᠢ ᠠᠪᠣᠭᠤᠯᠬᠤ ᠪᠠᠷ ᠳᠤᠮᠢᠯᠠᠪᠠᠢ᠃ ᠳᠤᠯᠤᠢ ᠶᠢ ᠬᠤᠷᠤᠱᠠᠨ᠂ ᠮᠠᠷᠤ᠂ ᠨᠢᠰᠠᠪᠣᠷ ᠵᠡᠷᠭᠡ ᠬᠤᠳᠠᠤᠨ ᠢ ᠪᠠᠢ᠌ᠯᠳᠤᠨ ᠠᠪᠣᠭᠤᠯᠬᠤ ᠪᠠᠷ ᠳᠤᠮᠢᠯᠠᠪᠠᠢ᠃ ᠮᠦᠨ ᠵᠢᠯ ᠤᠨ ᠳᠦᠳᠦᠭᠡᠷ ᠰᠠᠷᠠᠳᠠ ᠮᠤᠩᠭ᠋ᠤᠯ ᠴᠡᠷᠢᠭ᠌ ᠥᠷᠦᠩᠭᠡᠴᠢ ᠬᠤᠳᠠ ᠶᠢ ᠡᠵᠡᠯᠡᠨ ᠠᠪᠣᠪᠠᠢ᠃

ᠨᠢᠰᠠᠪᠣᠷ ᠤᠨ ᠳᠤᠯᠤᠯᠳᠤᠭᠠᠨ ᠳᠤ ᠴᠢᠩᠭᠢᠰ ᠬᠠᠭᠠᠨ ᠤ ᠭᠦᠷᠭᠡᠨ ᠳᠤᠭᠤᠴᠠᠷ ᠪᠠᠶ᠎ᠠ ᠥᠷᠡᠭ᠍ᠳᠡᠪᠠᠢ᠃

ᠴᠢᠩᠭᠢᠰ ᠬᠠᠭᠠᠨ ᠪᠠᠶ᠎ᠠ ᠪᠠᠷ ᠴᠡᠷᠢᠭ᠌ ᠣᠳᠤᠷᠢᠳᠤᠨ ᠵᠠᠯᠠᠯᠳᠢᠨ ᠢ ᠨᠡᠭᠡᠮᠵᠢᠯᠡᠨ ᠰᠢᠨ ᠮᠦᠷᠠᠨ ᠤ ( ᠣᠳᠤ ᠶᠢᠨ ᠡᠨᠡᠳᠭᠡᠭ᠌ ᠭᠤᠤᠯ) ᠭᠦᠪᠠᠭᠡᠨ᠎ᠡ ᠰᠢᠷᠦᠭᠦᠨ ᠳᠤᠯᠤᠯᠳᠤᠭᠠᠨ ᠪᠣᠯᠪᠠᠢ᠃ ᠵᠠᠯᠠᠯᠳᠢᠨ ᠢᠯᠠᠭᠳᠠᠵᠤ ᠮᠦᠷᠠᠨ ᠭᠠᠳᠤᠯᠠᠨ ᠡᠨᠡᠳᠭᠡᠭ᠌ ᠣᠷᠤᠭᠤ ᠵᠢᠭᠤᠳᠤᠨ ᠳᠤᠳᠠᠭᠠᠪᠠᠢ᠃ ᠴᠢᠩᠭᠢᠰ ᠬᠠᠭᠠᠨ ᠵᠠᠯᠠᠢ᠌ᠷᠳᠠᠢ ᠪᠠᠯᠠ ᠶᠢ ᠳᠤᠮᠢᠯᠠᠨ ᠵᠠᠯᠠᠯᠳᠢᠨ ᠢ ᠨᠡᠭᠡᠮᠵᠢᠯᠡᠨ ᠪᠠᠢ᠌ᠯᠳᠤᠭᠤᠯᠪᠠᠢ᠃

1222 ᠣᠨ ( ᠬᠠᠷ᠎ᠠ ᠮᠤᠷᠢᠨ ᠵᠢᠯ᠂ ᠴᠢᠩᠭᠢᠰ ᠬᠠᠭᠠᠨ ᠤ ᠠᠷᠪᠠᠨ ᠳᠤᠯᠤᠭᠠᠳᠤᠭᠠᠷ ᠣᠨ᠂ ᠠᠯᠳᠠᠨ ᠣᠯᠤᠰ ᠤᠨ ᠶᠤᠸᠠᠨ ᠭᠤᠸᠠᠩ ᠤᠨ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠠᠷᠪᠠᠨ ᠳᠠᠪᠣᠳᠤᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠵᠢᠷᠠᠨ ᠨᠢᠭᠡ ᠲᠡᠶ᠃ ᠮᠦᠨ ᠵᠤᠨ ᠴᠢᠩᠭᠢᠰ ᠬᠠᠭᠠᠨ ᠪᠠᠷᠤᠬᠠᠨ ᠭᠡᠭᠡᠷ᠎ᠡ ᠭᠡᠮᠡᠭᠦ ᠭᠠᠵᠠᠷ ᠵᠤᠰᠠᠪᠠᠢ᠃ ᠪᠠᠯᠠ ᠨᠤᠶᠠᠨ ᠣᠢ᠌ᠷ᠎ᠠ ᠨᠤᠳᠤᠭ ᠤᠨ ᠳᠠᠢ᠌ᠰᠤᠨ ᠢ ᠳᠠᠢ᠌ᠯᠠᠨ ᠳᠦᠪᠰᠢᠦᠡᠭᠡᠭᠡᠤᠨ ᠴᠢᠩᠭᠢᠰ ᠬᠠᠭᠠᠨ᠎ᠠ ᠢᠷᠠᠵᠤ ᠨᠠᠢ᠌ᠯᠠᠪᠠᠢ᠃

ᠴᠢᠩᠭᠢᠰ ᠬᠠᠭᠠᠨ ᠪᠠᠷᠠᠭᠤᠨ ᠣᠷᠤᠨ ᠢ ᠪᠠᠢ᠌ᠯᠳᠤᠨ ᠳᠤᠭᠳᠠᠭᠠᠭᠠᠤᠨ ᠬᠤᠳᠠ ᠪᠦᠷᠢ ᠳᠤ ᠳᠠᠷᠤᠭᠠᠴᠢ ᠨᠤᠶᠠᠨ ᠳᠠᠯᠪᠢᠵᠤ ᠵᠠᠭᠢᠷᠤᠭᠤᠯᠵᠤᠬᠤᠢ᠃

1223 ᠣᠨ ( ᠬᠠᠷᠠᠭᠴᠢᠨ ᠬᠤᠨᠢᠨ ᠵᠢᠯ᠂ ᠴᠢᠩᠭᠢᠰ ᠬᠠᠭᠠᠨ ᠤ ᠠᠷᠪᠠᠨ ᠨᠢ᠋ᠮᠠᠳᠤᠭᠠᠷ ᠣᠨ᠂ ᠠᠯᠳᠠᠨ ᠣᠯᠤᠰ ᠤᠨ ᠶᠤᠸᠠᠨ ᠭᠤᠸᠠᠩ ᠤᠨ ᠬᠤᠶᠠᠳᠤᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠠᠷᠪᠠᠨ ᠵᠢᠷᠭᠤᠳᠤᠭᠠᠷ ᠣᠨ)᠄

ᠴᠢᠩᠭᠢᠰ ᠬᠠᠭᠠᠨ ᠤ ᠨᠠᠰᠤᠨ ᠰᠡᠭᠦᠳᠡᠷ ᠵᠢᠷᠠᠨ ᠬᠤᠶᠠᠷ ᠲᠡᠶ᠃

ᠪᠠᠰᠤᠳ ᠤᠨ ᠵᠡᠪᠡ᠂ ᠰᠥᠪᠠᠭᠡᠳᠡᠢ ᠪᠠᠭᠠᠳᠤᠷ ᠤᠨ ᠣᠳᠤᠷᠢᠳᠤᠭᠰᠠᠨ ᠨᠢᠭᠡᠨ ᠰᠠᠯᠠᠭ᠎ᠠ ᠴᠡᠷᠢᠭ᠌ ᠺᠠᠯᠺᠠ ᠭᠤᠤᠯ ᠤᠨ ᠵᠡᠭᠦᠨ ᠭᠦᠪᠠᠭᠡᠨ᠎ᠡ ᠭᠢᠪᠴᠠᠭ ᠪᠣᠯᠤᠨ ᠣᠷᠤᠰ ᠤᠨ ᠬᠤᠯᠪᠣᠭᠠᠳᠤ ᠴᠡᠷᠢᠭ᠌ ᠲᠡᠶ ᠰᠢᠷᠦᠭᠦᠨ ᠳᠠᠢ᠌ᠨ ᠪᠣᠯᠵᠠᠢ᠃

ᠮᠦᠨ ᠣᠨ ᠤ ᠳᠦᠷᠪᠡᠨ ᠰᠠᠷᠠᠳᠠ ᠳᠠᠢ᠌ᠱᠢ ᠭᠤᠢ ᠸᠠᠩ ᠮᠤᠬᠤᠯᠠᠢ ᠨᠠᠰᠤ ᠨᠥᠭ᠍ᠴᠢᠵᠤ᠂ ᠲ᠋ᠡᠭᠦᠨ ᠤ ᠭᠦᠪᠠᠭᠦᠨ ᠪᠣᠯᠤ ᠭᠡᠷᠭᠢᠮ ᠵᠠᠯᠭᠠᠮᠵᠢᠯᠠᠵᠤᠬᠤᠢ᠃

1224 ᠣᠨ ( ᠭᠦᠭᠡ ᠪᠠᠴᠢᠨ ᠵᠢᠯ᠂ ᠴᠢᠩᠭᠢᠰ ᠬᠠᠭᠠᠨ ᠤ ᠠᠷᠪᠠ ᠶ‍ᠢᠰᠦᠳᠦᠭᠡᠷ ᠣᠨ᠂ ᠠᠯᠳᠠᠨ ᠣᠯᠤᠰ ᠤᠨ ᠵᠸᠩ ᠳ᠋ᠠ ᠶᠢᠨ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠠᠷᠪᠠᠨ ᠳᠤᠯᠤᠳᠤᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠵᠢᠷᠠᠨ ᠭᠤᠷᠪᠠ ᠲᠡᠶ᠃

ᠴᠢᠩᠭᠢᠰ ᠬᠠᠭᠠᠨ ᠠᠭᠳᠠ ᠶᠢᠨ ᠵᠢᠯᠤᠭᠤ ᠶᠢ ᠵᠡᠭᠦᠡᠰᠢ ᠵᠠᠯᠠᠵᠤ ᠡᠷᠴᠢᠰ ᠮᠦᠷᠠᠨ᠎ᠠ ᠵᠤᠰᠠᠪᠠᠢ᠃

ᠮᠦᠨ ᠣᠨ᠎ᠠ᠂ ᠴᠢᠩᠭᠢᠰ ᠬᠠᠭᠠᠨ ᠤ ᠵᠠᠷᠯᠢᠭ ᠶᠢᠡᠷ᠂ ᠰᠥᠪᠠᠭᠡᠳᠡᠢ ᠪᠠᠭᠠᠳᠤᠷ ᠨᠡᠷ ᠴᠤ ᠳᠤᠳᠤᠭᠠᠳᠤ ᠳᠠᠯᠠᠢ ᠶᠢᠨ ᠣᠮᠠᠷᠠᠳᠤ ᠡᠴᠡ ᠴᠡᠷᠢᠭ᠌ ᠳᠠᠳᠠᠵᠤ ᠫᠷᠸᠰ ᠡᠴᠡ ᠵᠡᠭᠦᠡᠰᠢ ᠪᠣᠴᠠᠵᠤ ᠪᠠᠢ᠌ᠭᠰᠠᠨ ᠭᠤᠤᠯ ᠤᠨ ᠶᠡᠭᠡ ᠴᠡᠷᠢᠭ᠌ ᠲᠤ ᠢᠷᠠᠵᠤ ᠨᠠᠢ᠌ᠯᠠᠪᠠᠢ᠃ ᠵᠠᠪᠠ ᠳᠠᠠᠳᠠ ᠨᠢᠭᠡᠨᠳᠡ ᠨᠠᠰᠤ ᠪᠠᠷᠠᠭᠰᠠᠨ ᠪᠠᠢ᠌ᠵᠠᠢ᠃

1225 ᠣᠨ ( ᠭᠦᠭᠡᠭ᠍ᠴᠢᠨ ᠳᠠᠭᠢᠶ᠎ᠠ ᠵᠢᠯ᠂ ᠴᠢᠩᠭᠢᠰ ᠬᠠᠭᠠᠨ ᠤ ᠬᠤᠷᠢᠨ ᠣᠨ᠂ ᠠᠯᠳᠠᠨ ᠣᠯᠤᠰ ᠤᠨ ᠵᠸᠩ ᠳ᠋ᠠ ᠶᠢᠨ ᠬᠤᠶᠠᠳᠤᠭᠠᠷ ᠡᠤᠨ᠂ ᠡᠮᠦᠨᠡᠳᠤ ᠰᠦᠩ ᠣᠯᠤᠰ ᠤᠨ ᠪᠣᠤ ᠴᠢᠩ ᠤᠨ ᠳᠡᠷᠢᠭᠦᠨ ᠣᠨ)᠄

ᠴᠢᠩᠭᠢᠰ ᠬᠠᠭᠠᠨ ᠨᠠᠰᠤᠨ ᠰᠡᠭᠦᠳᠡᠷ ᠵᠢᠷᠠᠨ ᠳᠦᠷᠪᠡ ᠲ᠋ᠠᠢ᠃

ᠴᠢᠩᠭᠢᠰ ᠬᠠᠭᠠᠨ ᠰᠠᠷᠳᠠᠭᠤᠯ ᠤᠨ ᠭᠠᠵᠠᠷ ᠳᠤᠯᠤᠭᠠᠨ ᠵᠢᠯ ᠠᠶᠠᠯᠠᠵᠤ ᠮᠦᠨ ᠣᠨ ᠤ ᠨᠠᠮᠤᠷ ᠶᠡᠭᠡ ᠴᠡᠷᠢᠭ᠌ ᠶᠢᠡᠨ ᠳᠠᠭᠠᠭᠤᠯᠵᠤ ᠲᠦᠷᠦᠯᠭᠢ ᠮᠤᠩᠭ᠋ᠤᠯ ᠣᠷᠤᠨ ᠳᠠᠭᠠᠨ ᠡᠰᠡᠨ ᠮᠠᠠᠳᠤ ᠪᠣᠴᠠᠨ ᠢᠷᠠᠪᠠᠢ᠃

1226 ᠣᠨ ( ᠣᠯᠠᠭᠠᠨ ᠨᠤᠬᠠᠢ ᠵᠢᠯ᠂ ᠴᠢᠩᠭᠢᠰ ᠬᠠᠭᠠᠨ ᠤ ᠬᠤᠷᠢᠨ ᠨᠢᠭᠡᠨ ᠣᠨ᠂ ᠠᠯᠳᠠᠨ ᠣᠯᠤᠰ ᠤᠨ ᠵᠸᠩ ᠳ᠋ᠠ ᠶᠢᠨ ᠭᠤᠳᠠᠭᠠᠷ ᠡᠤᠨ᠂ ᠡᠮᠦᠨᠡᠳᠤ ᠰᠦᠩ ᠣᠯᠤᠰ ᠤᠨ ᠪᠣᠤ ᠴᠢᠩ ᠤᠨ ᠬᠤᠶᠠᠳᠤᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠵᠢᠷᠠᠨ ᠳᠠᠪᠣ ᠲᠡᠶ᠃

ᠮᠦᠨ ᠵᠢᠯᠤᠨ ᠨᠠᠮᠤᠷ ᠴᠢᠩᠭᠢᠰ ᠬᠠᠭᠠᠨ ᠶᠡᠭᠡ ᠴᠡᠷᠢᠭ᠌ ᠢ ᠪᠠᠶ᠎ᠠ ᠪᠠᠷ ᠶᠡᠷᠦᠩᠭᠡᠢ᠌ᠯᠡᠨ ᠵᠠᠭᠢᠷᠴᠤ ᠳᠠᠩᠭ᠋ᠤᠳ ᠣᠯᠤᠰ ᠵᠥᠭ᠌ ᠠᠶᠠᠯᠠᠨ ᠮᠤᠷᠳᠠᠪᠠᠢ᠃ ᠴᠢᠩᠭᠢᠰ ᠬᠠᠭᠠᠨ ᠡᠩ ᠳᠡᠷᠢᠭᠦᠨ᠎ᠡ ᠳᠠᠩᠭ᠋ᠤᠳ ᠤᠨ ᠠᠱᠬᠠᠮᠪᠣ ᠶᠢ ᠰᠥᠨᠦᠭᠡᠵᠤ᠂ ᠡᠡᠯᠡᠱᠡᠨ ᠳᠤ ᠪᠠᠢ᠌ᠭᠰᠠᠨ ᠳᠠᠷᠮ᠎ᠠ ᠭᠡᠷᠳᠡᠨ ᠳᠡᠮᠡᠭᠡᠨ ᠠᠴᠢᠶᠠᠳᠠᠨ ᠳᠠᠩᠭ᠋ᠤᠳ ᠢ ᠡᠷᠭᠡᠰᠢᠶᠡᠨ ᠠᠪᠣᠪᠠᠢ᠃

ᠮᠦᠨ ᠵᠢᠯᠤᠨ ᠡᠪᠦᠯ ᠴᠢᠩᠭᠢᠰ ᠬᠠᠭᠠᠨ ᠳᠦᠷᠢᠮᠡᠭᠡᠢ ᠪᠠᠯᠭᠠᠰᠤᠨ ᠢ ᠡᠪᠳᠡᠵᠤ᠂ ᠲ᠋ᠡ᠊ᠨᠳᠡ ᠡᠴᠡ ᠳᠠᠩᠭ᠋ᠤᠳ ᠤᠨ ᠨᠠᠢ᠌ᠰᠯᠠᠯ ᠵᠦᠩ ᠰᠢᠩ ᠹᠦ᠋ ᠪᠠᠯᠭᠠᠰᠤᠨ ᠢ ᠪᠦᠰᠡᠯᠡᠨ ᠪᠠᠢ᠌ᠯᠳᠤᠭᠤᠯᠪᠠᠢ᠃

1227 ᠣᠨ (ᠣᠯᠠᠭᠴᠢᠨ ᠭᠠᠬᠠᠢ ᠵᠢᠯ᠂ ᠴᠢᠩᠭᠢᠰ ᠬᠠᠭᠠᠨ ᠤ ᠬᠤᠷᠢᠨ ᠬᠤᠶᠠᠳᠤᠭᠠᠷ ᠣᠨ᠂ ᠠᠯᠳᠠᠨ ᠣᠯᠤᠰ ᠤᠨ ᠵᠸᠩ ᠳ᠋ᠠ ᠶᠢᠨ ᠳᠦᠳᠦᠭᠡᠷ ᠡᠤᠨ᠂ ᠡᠮᠦᠨᠡᠳᠤ ᠰᠦᠩ ᠣᠯᠤᠰ ᠤᠨ ᠪᠣᠤ ᠴᠢᠩ ᠤᠨ ᠭᠤᠳᠠᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠵᠢᠷᠠᠨ ᠵᠢᠷᠭᠤᠭ᠎ᠠ ᠲᠡᠶ᠃

ᠮᠦᠨ ᠣᠨ ᠤ ᠪᠢᠯᠢᠭ᠌ ᠤᠨ ᠳᠠᠪᠤᠨ ᠰᠠᠷᠠᠳᠠ ᠴᠢᠩᠭᠢᠰ ᠬᠠᠭᠠᠨ ᠯᠢᠤ ᠫᠠᠨ ᠱᠠᠨ ᠠᠭᠤᠯᠠᠨ᠎ᠠ ᠵᠤᠰᠡᠵᠤ᠂ ᠲ᠋ᠡ᠊ᠨᠳᠡ ᠡᠴᠡ ᠴᠠᠭᠠᠨ ᠢ ᠵᠦᠩ ᠰᠢᠩ ᠹᠦ᠋ ᠳᠤ ᠳᠤᠮᠢᠯᠠᠨ ᠣᠴᠢᠭᠤᠯᠵᠤ ᠳᠠᠩᠭ᠋ᠤᠳ ᠤᠨ ᠡᠵᠡᠨ ᠢ ᠳᠠᠭᠠᠷ᠎ᠠ ᠢᠷᠡᠳᠦᠭᠡᠢ ᠭᠡᠵᠤ ᠱᠠᠭᠠᠷᠳᠠᠪᠠᠢ᠃ ᠮᠦᠨ ᠣᠨ ᠤ ᠨᠠᠮᠤᠷ᠂ ᠴᠢᠩᠭᠢᠰ ᠬᠠᠭᠠᠨ ᠴᠢᠩ ᠱᠦᠢ ᠭᠡᠮᠡᠭᠦ ᠭᠠᠵᠠᠷ ᠣᠷᠳᠤ ᠪᠠᠭᠤᠳᠠᠯᠯᠠᠭᠠᠤᠨ ᠮᠦᠨ ᠳᠠᠠᠳᠠ ᠨᠠᠰᠤᠨ ᠡᠴᠦᠰ ᠪᠣᠯᠪᠠᠢ᠃ ᠰᠠᠭᠤᠷᠢᠨ᠎ᠠ ᠬᠤᠷᠢᠨ ᠬᠤᠶᠠᠷ ᠵᠢᠯ ᠰᠠᠭᠤᠪᠠᠢ᠃

1228 ᠣᠨ (ᠰᠢᠷ᠎ᠠ ᠬᠤᠯᠤᠭᠠᠨ᠎ᠠ ᠵᠢᠯ᠂ ᠠᠯᠳᠠᠨ ᠣᠯᠤᠰ ᠤᠨ ᠵᠸᠩ ᠳ᠋ᠠ ᠶᠢᠨ ᠳᠠᠪᠣᠳᠤᠭᠠᠷ ᠡᠤᠨ᠂ ᠡᠮᠦᠨᠡᠳᠤ ᠰᠦᠩ ᠣᠯᠤᠰ ᠤᠨ ᠱᠤ ᠳ᠋ᠢᠩ ᠤᠨ ᠳᠡᠷᠢᠭᠦᠨ ᠣᠨ)᠄

ᠴᠢᠩᠭᠢᠰ ᠬᠠᠭᠠᠨ ᠤ ᠣᠤᠠᠬᠤᠨ ᠭᠦᠪᠠᠭᠦᠨ ᠳᠤᠯᠤᠢ ᠮᠤᠩᠭ᠋ᠤᠯ ᠤᠨ ᠲᠦᠷᠦ ᠶᠢ ᠮᠠᠳᠠᠪᠠ᠃

1229 ᠣᠨ ( ᠰᠢᠷᠠᠭᠴᠢᠨ ᠥᠭᠡᠷ ᠵᠢᠯ᠂ ᠠᠯᠳᠠᠨ ᠣᠯᠤᠰ ᠤᠨ ᠵᠸᠩ ᠳ᠋ᠠ ᠶᠢᠨ ᠵᠢᠷᠭᠤᠳᠤᠭᠠᠷ ᠡᠤᠨ᠂ ᠡᠮᠦᠨᠡᠳᠤ ᠰᠦᠩ ᠤᠨ ᠱᠤ ᠳ᠋ᠢᠩ ᠤᠨ ᠬᠤᠶᠠᠳᠤᠭᠠᠷ ᠣᠨ)᠄

ᠮᠦᠨ ᠣᠨ᠎ᠠ᠂ ᠴᠢᠩᠭᠢᠰ ᠬᠠᠭᠠᠨ ᠤ ᠠᠯᠳᠠᠨ ᠣᠷᠤᠭ ᠤᠨ ᠦᠷ᠎ᠡ ᠠᠴᠢᠨᠠᠷ ᠪᠣᠯᠤᠨ ᠵᠢᠴᠢ ᠨᠤᠶᠠᠤᠨ ᠲᠦᠰᠢᠮᠠᠤᠨ ᠭᠡᠷᠦᠯᠤᠨ ᠭᠤᠤᠯ ᠤᠨ ᠭᠦᠳᠡᠭᠡ ᠠᠷᠠᠯ ᠳᠤ ᠬᠤᠷᠠᠯᠳᠠᠢ ᠬᠤᠷᠠᠯᠳᠤᠵᠤ᠂ ᠴᠢᠩᠭᠢᠰ ᠬᠠᠭᠠᠨ ᠤ ᠭᠡᠷᠢᠶᠡᠰ ᠵᠠᠷᠯᠢᠭ ᠢ ᠵᠢᠷᠤᠮᠯᠠᠨ ᠭᠤᠳᠠᠭᠠᠷ ᠭᠦᠪᠠᠭᠦᠨ ᠥᠭᠡᠳᠡᠢ ᠶᠢ ᠶᠡᠭᠡ ᠣᠷᠤ ᠰᠠᠭᠤᠯᠭᠠᠪᠠᠢ᠃

ᠮᠦᠨ ᠤᠨ᠎ᠡ᠂ ᠥᠭᠡᠳᠡᠢ ᠬᠠᠭᠠᠨ ᠠᠯᠪᠠᠨ ᠭᠤᠪᠴᠢᠭᠤᠷ ᠤᠨ ᠰᠢᠨ᠎ᠠ ᠳᠦᠷᠢᠮ ᠢ ᠪᠦᠭᠦ ᠣᠯᠤᠰ ᠲᠤ ᠳᠤᠭᠳᠠᠭᠠᠨ ᠭᠡᠷᠡᠭ᠍ᠵᠢᠭᠦᠯᠪᠠᠢ᠃ ᠲ᠋ᠡᠭᠦᠨ᠎ᠡ ᠳᠤᠭᠳᠠᠭᠰᠠᠨ ᠨᠢ᠄ ᠮᠤᠩᠭ᠋ᠤᠯᠴᠤᠳ ᠵᠠᠭᠤᠨ ᠠᠳᠤᠭᠤᠨ ᠡᠴᠡ ᠨᠢᠭᠡ ᠠᠳᠤᠭᠤ᠂ ᠵᠠᠭᠤᠨ ᠥᠭᠡᠷ ᠡᠴᠡ ᠨᠢᠭᠡ ᠥᠭᠡᠷ᠂ ᠵᠠᠭᠤᠨ ᠬᠤᠨᠢᠨ ᠡᠴᠡ ᠨᠢᠭᠡ ᠬᠤᠨᠢ ᠶᠢ ᠠᠯᠪᠠᠨ ᠳᠤ ᠳᠤᠰᠢᠶᠠᠨ᠎ᠠ᠃

ᠪᠠᠰᠠ ᠠᠬ᠎ᠠ ᠳᠡᠭᠦᠤ ᠴᠢᠭᠤᠯᠪᠠᠰᠤ ᠥᠭᠯᠢᠭᠡ ᠰᠤᠶᠤᠷᠬᠠᠯ ᠦᠭ‍ᠭᠦ ᠭᠡᠮᠡᠨ ᠣᠯᠤᠰ ᠤᠨ ᠰᠠᠩ ᠪᠠᠢ᠌ᠭᠤᠯᠵᠤ᠂ ᠡᠳ᠋ ᠠᠭᠤᠷᠰᠤᠨ᠂ ᠰᠥᠭᠡᠰ᠂ ᠬᠦᠷ ᠨᠤᠮᠤᠳ᠂ ᠬᠤᠶᠠᠭ ᠵᠠᠪᠠ ᠵᠡᠷᠭᠡ ᠶᠢ ᠰᠠᠩ ᠳᠤ ᠤᠷᠤᠭᠤᠯᠤᠨ᠂ ᠵᠥᠭ᠌ ᠵᠥᠭ᠌ ᠡᠴᠡ ᠪᠠᠯᠭᠠᠴᠢᠨ ᠠᠮᠤᠴᠢᠨ ᠢᠯᠭᠠᠵᠤ ᠰᠠᠭᠢᠭᠤᠯᠪᠠᠢ᠃ ᠠᠯᠪᠠᠨ ᠡᠯᠴᠢᠨ ᠤ ᠨᠠᠰᠢ ᠴᠠᠰᠢ ᠵᠤᠷᠴᠢᠬᠤ ᠳᠤ ᠳᠦᠭᠦᠮ ᠢᠯᠳᠠᠷ ᠤᠨ ᠳᠤᠰᠠᠳᠠ ᠥᠷᠳᠡᠭᠡ ᠵᠠᠮ ᠪᠠᠢ᠌ᠭᠤᠯᠤᠨ᠂ ᠮᠢᠩᠭ᠋ᠠᠨ ᠪᠦᠷᠢ ᠡᠴᠡ ᠵᠠᠮᠴᠢᠨ ᠣᠯᠠᠭᠠᠴᠢᠨ ᠳᠠᠳᠠᠪᠠ᠃

ᠪᠠᠰᠠ ᠡᠷᠦᠭᠡ ᠪᠠᠷ ᠨᠢᠭᠡᠴᠢ ᠪᠤᠯᠭᠠᠭᠰᠠᠨ᠂ ᠭᠦᠮᠤᠨ ᠠᠮᠠ ᠪᠠᠷ ᠨᠢᠭᠡᠴᠢ ᠪᠣᠯᠭᠠᠭᠰᠠᠨ ᠭᠠᠢ᠌ᠯᠢ ᠶᠢᠨ ᠳᠦᠷᠢᠮ ᠊ᠢ ᠭᠢᠳᠠᠤᠨ ᠣᠷᠤᠨ ᠪᠣᠯᠤᠨ ᠪᠠᠷᠠᠭᠤᠨ ᠣᠷᠤᠨ ᠳᠤ ᠳᠤᠰ ᠳᠤᠰ ᠳᠤᠭᠳᠠᠭᠠᠨ ᠭᠡᠷᠡᠭ᠍ᠵᠢᠭᠦᠯᠪᠠᠢ᠃

1230 ᠣᠨ (ᠴᠠᠭᠠᠨ ᠪᠠᠷᠰ ᠵᠢᠯ᠂ ᠥᠭᠡᠳᠡᠢ ᠬᠠᠭᠠᠨ ᠤ ᠬᠤᠶᠠᠳᠤᠭᠠᠷ ᠵᠢᠯ᠂ ᠠᠯᠳᠠᠨ ᠣᠯᠤᠰ ᠤᠨ ᠵᠸᠩ ᠳ᠋ᠠ ᠶᠢᠨ ᠳᠤᠯᠤᠳᠤᠭᠠᠷ ᠡᠤᠨ᠂ ᠡᠮᠦᠨᠡᠳᠤ ᠰᠦᠩ ᠣᠯᠤᠰ ᠤᠨ ᠱᠤᠤ ᠳᠢᠩ ᠤᠨ ᠭᠤᠳᠠᠭᠠᠷ ᠣᠨ)᠄

ᠮᠦᠨ ᠵᠢᠯᠤᠨ ᠳᠤᠯᠤᠳᠤᠭᠠᠷ ᠰᠠᠷᠠᠳᠠ ᠥᠭᠡᠳᠡᠢ ᠬᠠᠭᠠᠨ ᠠᠨᠤ ᠳᠤᠯᠤᠢ ᠯᠤᠭ᠎ᠠ ᠠᠯᠳᠠᠨ ᠣᠯᠤᠰ ᠢ ᠪᠠᠶ᠎ᠠ ᠪᠠᠷ ᠳᠠᠢ᠌ᠯᠠᠬᠤ ᠪᠠᠷ ᠮᠤᠷᠳᠠᠵᠤ᠂ ᠬᠠᠳᠤᠨ ᠭᠤᠤᠯ ᠢ ᠭᠠᠳᠤᠯᠤᠨ ᠹᠧᠩ ᠰᠢᠶᠠᠩ ᠬᠤᠳᠠ ᠶᠢ ᠪᠠᠢ᠌ᠯᠳᠤᠪᠠᠢ᠃

1231 ᠣᠨ (ᠴᠠᠭᠠᠭᠴᠢᠨ ᠳᠠᠤᠯᠠᠢ ᠵᠢᠯ᠂ ᠥᠭᠡᠳᠡᠢ ᠬᠠᠭᠠᠨ ᠤ ᠭᠤᠳᠠᠭᠠᠷ ᠣᠨ᠂ ᠠᠯᠳᠠᠨ ᠣᠯᠤᠰ ᠤᠨ ᠵᠸᠩ ᠳ᠋ᠠ ᠶᠢᠨ ᠨᠢ᠋ᠮᠠᠳᠤᠭᠠᠷ ᠡᠤᠨ᠂ ᠡᠮᠦᠨᠡᠳᠤ ᠰᠦᠩ ᠣᠯᠤᠰ ᠤᠨ ᠱᠤᠤ ᠳᠢᠩ ᠤᠨ ᠳᠦᠳᠦᠭᠡᠷ ᠣᠨ)᠄

ᠮᠦᠨ ᠣᠨ ᠤ ᠨᠡᠮᠦᠷ᠂ ᠥᠭᠡᠳᠡᠢ ᠬᠠᠭᠠᠨ ᠪᠠᠷ ᠣᠯᠤᠰ ᠤᠨ ᠲᠦᠪ ᠵᠠᠰᠠᠭ ᠤᠨ ᠵᠠᠭᠢᠷᠭ᠎ᠠ ᠊᠊᠊᠊᠊᠊᠊᠊᠊᠊᠊᠊᠊᠊᠊ ᠲ᠋ᠦᠪ ᠪᠢᠴᠢᠭ᠌ ᠤᠨ ᠬᠤᠷᠢᠶ᠎ᠠ ᠶᠢ (中书省) ᠡᠭᠦᠰᠭᠡᠨ ᠪᠠᠢ᠌ᠭᠤᠯᠤᠭᠠᠤᠨ᠂ ᠭᠢᠳᠠᠨ ᠭᠦᠮᠤᠨ ᠢᠯᠠ ᠴᠦᠰᠠᠢ ᠶᠢ ᠵᠦᠩ ᠱᠤ ᠯᠢᠩ ᠤᠨ ᠳᠤᠰᠢᠶᠠᠯ ᠳ᠋ᠤ ᠲ᠋ᠦᠰᠢᠵᠤ᠂ ᠨᠢᠮᠬ᠎ᠠ ᠵᠤᠩᠱᠠᠨ ᠢ ᠪᠠᠷᠠᠭᠤᠨ ᠭᠠᠷᠤᠨ ᠣᠯᠤᠰ ᠤᠨ ᠳᠤᠰᠠᠯᠠᠭᠴᠢ᠂ ᠴᠢᠩᠭ᠋ᠠᠢ ᠶᠢ ᠵᠡᠭᠦᠨ ᠭᠠᠷᠤᠨ ᠣᠯᠤᠰ ᠤᠨ ᠳᠤᠰᠠᠯᠠᠭᠴᠢ ᠶᠢᠨ ᠳᠤᠰᠢᠶᠠᠯ ᠳᠤ ᠳᠤᠰ ᠳᠤᠰ ᠳᠤᠮᠢᠯᠠᠪᠠᠢ᠃

ᠮᠦᠨ ᠣᠨ ᠤ ᠠᠷᠪᠠᠨ ᠰᠠᠷᠠᠳᠠ ᠥᠭᠡᠳᠡᠢ ᠬᠠᠭᠠᠨ ᠪᠠᠷ ᠠᠯᠳᠠᠨ ᠣᠯᠤᠰ ᠤᠨ ᠾᠧ ᠵᠦᠩ ᠹᠤ᠋ ᠬᠤᠳᠠ ᠶᠢ ᠪᠠᠢ᠌ᠯᠳᠤᠨ ᠠᠪᠣᠪᠠᠢ᠃  ᠰᠠᠯᠳᠠ ᠬᠤᠷᠴᠢ ᠭᠠᠤᠯᠢ ᠣᠯᠤᠰ ᠤᠨ ᠳᠦᠴᠢ ᠭᠠᠷᠤᠢ ᠬᠤᠳᠠ ᠶᠢ ᠪᠠᠢ᠌ᠯᠳᠤᠨ ᠠᠪᠴᠤ ᠪᠣᠴᠠᠵᠤ ᠢᠷᠠᠪᠠᠢ᠃

1232 ᠣᠨ (ᠬᠠᠷ᠎ᠠ ᠯᠤᠤ ᠵᠢᠯ᠂ ᠥᠭᠡᠳᠡᠢ ᠬᠠᠭᠠᠨ ᠤ ᠳᠦᠳᠦᠭᠡᠷ ᠣᠨ᠂ ᠠᠯᠳᠠᠨ ᠣᠯᠤᠰ ᠤᠨ ᠺᠠᠢ ᠰᠢᠩ ᠤᠨ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠱᠤᠤ ᠳᠢᠩ ᠤᠨ ᠳᠠᠪᠣᠳᠤᠭᠠᠷ ᠣᠨ)᠄

ᠮᠦᠨ ᠣᠨ ᠤ ᠭᠤᠳᠠᠭᠠᠷ ᠰᠠᠷᠠᠳᠠ ᠥᠭᠡᠳᠡᠢ ᠬᠠᠭᠠᠨ ᠨᠠᠠᠵᠢᠩ ᠭᠡᠮᠡᠭᠦ ᠡᠮᠦᠨᠡᠳᠤ ᠨᠠᠢ᠌ᠰᠯᠠᠯ (ᠣᠳᠤᠭᠢ ᠾᠧ ᠨᠠᠨ ᠤ ᠺᠠᠢ ᠹᠸᠩ) ᠢ ᠪᠦᠰᠡᠯᠡᠨ ᠪᠠᠢ᠌ᠯᠳᠤᠭᠤᠯᠪᠠᠢ᠃

ᠮᠦᠨ ᠣᠨ᠎ᠠ᠂ ᠲ᠋ᠤᠯᠤᠢ ᠥᠭᠡᠳᠡᠢ ᠬᠠᠭᠠᠨ ᠯᠤᠭ᠎ᠠ ᠣᠮᠠᠷᠠᠰᠢ ᠪᠣᠴᠠᠭᠠᠤᠨ᠂ ᠵᠠᠮ ᠤᠨ ᠭᠤᠳᠤᠰ ᠳᠤᠯᠤᠢ ᠨᠠᠰᠤ ᠨᠥᠭ᠍ᠴᠢᠪᠠᠢ᠃

ᠪᠠᠰᠠ ᠮᠦᠨ ᠣᠨ ᠳᠤ ᠠᠯᠳᠠᠨ ᠣᠯᠤᠰ ᠤᠨ ᠡᠵᠡᠨ ᠨᠠᠠᠵᠢᠩ ᠭᠡᠮᠡᠭᠦ ᠡᠮᠦᠨᠡᠳᠤ ᠨᠠᠢ᠌ᠰᠯᠠᠯ ᠡᠴᠡ ᠪᠣᠷᠤᠭᠤᠯᠠᠨ ᠳᠤᠳᠠᠭᠠᠵᠤ᠂ ᠭᠦᠢ ᠳ᠋ᠧ᠂ ᠼᠡᠢ ᠵᠸᠤ ᠳᠤ ᠭᠦᠷᠪᠠᠢ᠃

1233 ᠣᠨ (ᠬᠠᠷᠠᠭᠴᠢᠨ ᠮᠤᠭᠠᠢ ᠵᠢᠯ᠂ ᠥᠭᠡᠳᠡᠢ ᠬᠠᠭᠠᠨ ᠤ ᠳᠠᠪᠣᠳᠤᠭᠠᠷ ᠣᠨ᠂ ᠠᠯᠳᠠᠨ ᠣᠯᠤᠰ ᠤᠨ ᠳᠢᠶᠠᠨ ᠰᠢᠩ ᠤᠨ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠱᠤᠤ ᠳᠢᠩ ᠤᠨ ᠵᠢᠷᠭᠤᠳᠤᠭᠠᠷ ᠣᠨ)᠄

ᠮᠦᠨ ᠣᠨ ᠳᠤ ᠮᠤᠩᠭ᠋ᠤᠯ ᠴᠡᠷᠢᠭ᠌ ᠠᠯᠳᠠᠨ ᠣᠯᠤᠰ ᠤᠨ ᠨᠠᠠᠵᠢᠩ ᠪᠠᠯᠭᠠᠰᠤᠨ ᠢ ᠪᠠᠢ᠌ᠯᠳᠤᠨ ᠠᠪᠴᠤ ᠳᠠᠠᠳᠠ ᠡᠴᠡ ᠭᠦᠢ ᠳ᠋ᠧ᠂ ᠼᠡᠢ ᠵᠸᠤ ᠶᠢ ᠪᠦᠰᠡᠯᠡᠨ ᠪᠠᠢ᠌ᠯᠳᠤᠪᠠᠢ᠃

1234 ᠣᠨ (ᠭᠦᠭᠡ ᠮᠤᠷᠢᠨ ᠵᠢᠯ᠂ ᠥᠭᠡᠳᠡᠢ ᠬᠠᠭᠠᠨ ᠤ ᠵᠢᠷᠭᠤᠳᠤᠭᠠᠷ ᠣᠨ᠂ ᠠᠯᠳᠠᠨ ᠣᠯᠤᠰ ᠤᠨ ᠳᠢᠶᠠᠨ ᠰᠢᠩ ᠤᠨ ᠬᠤᠶᠠᠳᠤᠭᠠᠷ ᠡᠤᠨ᠂ ᠡᠮᠦᠨᠡᠳᠤ ᠰᠦᠩ ᠣᠯᠤᠰ ᠤᠨ ᠳ᠋ᠤᠸᠠᠨ ᠫᠢᠩ ᠤᠨ ᠳᠡᠷᠢᠭᠦᠨ ᠣᠨ)᠄

ᠮᠦᠨ ᠣᠨ ᠳᠤ ᠮᠤᠩᠭ᠋ᠤᠯ ᠴᠡᠷᠢᠭ᠌ ᠮᠸᠩ ᠭᠦᠩ ᠶᠢᠡᠷ ᠣᠳᠤᠷᠢᠳᠤᠭᠤᠯᠤᠭᠰᠠᠨ ᠰᠦᠩ ᠣᠯᠤᠰ ᠤᠨ ᠴᠡᠷᠢᠭ᠌ ᠲᠡᠶ ᠬᠠᠮᠳᠤᠷᠠᠨ ᠽᠠᠢ ᠵᠸᠤ ᠶᠢ ᠪᠦᠰᠡᠯᠡᠨ ᠪᠠᠢ᠌ᠯᠳᠤᠭᠰᠠᠨ᠎ᠠ᠂ ᠠᠯᠳᠠᠨ ᠣᠯᠤᠰ ᠤᠨ ᠬᠠᠭᠠᠨ ᠪᠠᠶ᠎ᠠ ᠪᠠᠨ ᠬᠤᠤᠷᠯᠠᠵᠤ ᠥᠭᠦᠪᠠᠢ᠃ ᠲ᠋ᠦᠮᠳᠡᠳᠤ ᠣᠯᠤᠰ ᠤᠨ ᠣᠮᠠᠷᠠᠳᠤ ᠭᠡᠰᠡᠭ᠌ ᠲᠤ ᠵᠠᠭᠤ ᠠᠷᠪᠠᠨ ᠨᠢ᠋ᠮᠠᠨ ᠵᠢᠯ ᠲᠦᠷᠦ ᠣᠯᠠᠷᠢᠭᠰᠠᠨ ᠵᠦᠷᠴᠢᠨ ᠠᠯᠳᠠᠨ ᠣᠯᠤᠰ ᠮᠤᠩᠭ᠋ᠤᠯ ᠤᠨ ᠴᠤᠭᠢᠯᠳᠠ ᠳᠤᠤᠷ᠎ᠠ ᠲᠦᠷᠦ ᠮᠥᠭᠦᠪᠠᠢ᠃

ᠪᠠᠰᠠ ᠮᠦᠨ ᠣᠨ᠎ᠠ ᠳᠠᠯᠠᠨ ᠳᠠᠪᠠᠰ ᠨᠠᠷᠠᠳᠤ ᠭᠠᠵᠠᠷ᠎ᠠ ᠬᠠᠭᠠᠨ ᠤ ᠣᠷᠳᠤᠰ ᠪᠠᠭᠤᠳᠠᠯᠯᠠᠵᠤ᠂ ᠣᠯᠠᠨ ᠨᠤᠶᠠᠤᠨ ᠲᠦᠰᠢᠮᠠᠤᠨ ᠤᠨ ᠬᠤᠷᠠᠯᠳᠠᠢ ᠪᠣᠯᠪᠠᠢ᠃

1235 ᠣᠨ (ᠭᠦᠭᠡᠭ᠍ᠴᠢᠨ ᠬᠤᠨᠢᠨ ᠵᠢᠯ᠂ ᠥᠭᠡᠳᠡᠢ ᠬᠠᠭᠠᠨ ᠤ ᠳᠤᠯᠤᠳᠤᠭᠠᠷ ᠡᠤᠨ᠂ ᠡᠮᠦᠨᠡᠳᠤ ᠰᠦᠩ ᠣᠯᠤᠰ ᠤᠨ ᠳ᠋ᠤᠸᠠᠨ ᠫᠢᠩ ᠤᠨ ᠬᠤᠶᠠᠳᠤᠭᠠᠷ ᠣᠨ)᠄

ᠮᠦᠨ ᠤᠨ᠎ᠡ᠂ ᠥᠭᠡᠳᠡᠢ ᠬᠠᠭᠠᠨ ᠵᠠᠷᠯᠢᠭ ᠪᠠᠭᠤᠯᠭᠠᠵᠤ ᠮᠤᠩᠭ᠋ᠤᠯ ᠤᠨ ᠡᠵᠡᠡᠳᠤ ᠣᠯᠤᠰ ᠤᠨ ᠨᠠᠢ᠌ᠰᠯᠠᠯ ᠬᠠᠷ᠎ᠠ ᠬᠤᠷᠤᠮ ᠬᠤᠳᠠ ᠶᠢ ᠴᠤᠭᠴᠠᠯᠠᠭᠤᠯᠪᠠᠢ᠃

ᠪᠠᠰᠠ ᠮᠦᠨ ᠤᠨ᠎ᠡ᠂ ᠥᠭᠡᠳᠡᠢ ᠬᠠᠭᠠᠨ ᠠᠯᠳᠠᠨ ᠣᠷᠤᠭ ᠪᠣᠯᠤᠨ ᠨᠤᠶᠠᠤᠨ ᠲᠦᠰᠢᠮᠠᠤᠨ ᠤᠨ ᠬᠤᠷᠠᠯᠳᠠᠢ ᠶᠢ ᠬᠤᠷᠠᠯᠳᠤᠵᠤ᠂ ᠦᠷᠤᠨ᠎ᠠ ᠳᠠᠰᠢ ᠳᠠᠢ᠌ᠯᠬᠤ ᠶᠠᠪᠣᠳᠠᠯ ᠢ ᠵᠦᠪᠯᠠᠨ ᠳᠤᠭᠳᠠᠪᠠᠢ᠃

1236 ᠣᠨ (ᠣᠯᠠᠭᠠᠨ ᠪᠠᠴᠢᠨ ᠵᠢᠯ᠂ ᠥᠭᠡᠳᠡᠢ ᠬᠠᠭᠠᠨ ᠤ ᠨᠢ᠋ᠮᠠᠳᠤᠭᠠᠷ ᠡᠤᠨ᠂ ᠡᠮᠦᠨᠡᠳᠤ ᠰᠦᠩ ᠣᠯᠤᠰ ᠤᠨ ᠳ᠋ᠤᠸᠠᠨ ᠫᠢᠩ ᠤᠨ ᠭᠤᠳᠠᠭᠠᠷ ᠣᠨ)᠄

ᠮᠦᠨ ᠣᠨ ᠳᠤ ᠵᠤᠴᠢ ᠶᠢᠨ ᠭᠦᠪᠠᠭᠦᠨ ᠪᠠᠳᠤ ᠶᠡᠭᠡ ᠴᠡᠷᠢᠭ᠌ ᠢ ᠶᠡᠷᠦᠩᠭᠡᠢ᠌ᠯᠡᠨ ᠵᠠᠭᠢᠷᠴᠤ ᠦᠷᠦᠨ᠎ᠠ ᠳᠠᠰᠢ ᠳᠠᠢ᠌ᠯᠠᠭᠠᠤᠨ᠂ ᠪᠣᠭᠠᠷ ᠭᠢᠪᠴᠠᠭᠴᠤᠳ ᠢ ᠡᠷᠭᠡᠰᠢᠶᠡᠨ ᠠᠪᠣᠪᠠᠢ᠃

ᠪᠠᠰᠠ ᠮᠦᠨ ᠤᠨ᠎ᠠ ᠥᠭᠡᠳᠡᠢ ᠬᠠᠭᠠᠨ ᠤ ᠭᠦᠪᠠᠭᠦᠨ ᠭᠦᠳᠡᠨ ᠡᠮᠦᠨᠡᠳᠤ ᠰᠦᠩ ᠣᠯᠤᠰ ᠤᠨ ᠴᠸᠩᠳᠦ᠋ ᠬᠤᠳᠠ ᠶᠢ ᠪᠠᠢ᠌ᠯᠳᠤᠨ ᠠᠪᠣᠪᠠᠢ᠃

1237 ᠣᠨ (ᠣᠯᠠᠭᠠᠭᠴᠢᠨ ᠳᠠᠭᠢᠶ᠎ᠠ ᠵᠢᠯ᠂ ᠥᠭᠡᠳᠡᠢ ᠬᠠᠭᠠᠨ ᠤ ᠶ‍ᠢᠰᠦᠳᠦᠭᠡᠷ ᠡᠤᠨ᠂ ᠡᠮᠦᠨᠡᠳᠤ ᠰᠦᠩ ᠣᠯᠤᠰ ᠤᠨ ᠵᠢᠶᠠ ᠰᠢ ᠶᠢᠨ ᠳᠡᠷᠢᠭᠦᠨ ᠣᠨ)᠄

ᠪᠠᠷᠠᠭᠤᠠᠰᠢ ᠳᠠᠢ᠌ᠯᠠᠭᠰᠠᠨ ᠮᠤᠩᠭ᠋ᠤᠯ ᠴᠡᠷᠢᠭ᠌ ᠣᠷᠤᠰ ᠤᠨ ᠵᠡᠭᠦᠨ ᠬᠣᠢ᠌ᠳᠤ ᠭᠡᠰᠡᠭ᠌ ᠲᠤ ᠳᠤᠪᠳᠤᠯᠤᠨ ᠣᠷᠤᠭᠠᠤᠨ ᠳᠠᠠᠳᠠᠭᠢ ᠶᠢᠨ ᠣᠯᠠᠨ ᠬᠤᠳᠠ ᠪᠠᠯᠭᠠᠤᠨ ᠢ ᠡᠵᠡᠯᠡᠨ ᠠᠪᠣᠪᠠᠢ᠃

1238 ᠣᠨ (ᠰᠢᠷ᠎ᠠ ᠨᠤᠬᠠᠢ ᠵᠢᠯ᠂ ᠥᠭᠡᠳᠡᠢ ᠬᠠᠭᠠᠨ ᠤ ᠠᠷᠪᠠᠳᠤᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠰᠢ ᠶᠢᠨ ᠬᠤᠶᠠᠳᠤᠭᠠᠷ ᠣᠨ)᠄

ᠮᠦᠨ ᠡᠦᠨ᠎ᠡ᠂ ᠥᠭᠡᠳᠡᠢ ᠬᠠᠭᠠᠨ ᠬᠠᠷᠢᠶᠠᠳᠤ ᠣᠯᠠᠨ ᠴᠥᠯᠭᠡ᠂ ᠰᠢᠯᠳᠦᠭᠡᠨ ᠳᠤ ᠰᠢᠯᠭᠠᠭᠤᠯᠢ ᠶᠢ ᠶᠠᠪᠣᠭᠳᠠᠭᠤᠯᠵᠤ ᠭᠢᠳᠠᠤᠨ ᠤᠨ ᠪᠢᠴᠢᠭ᠍ᠳᠡᠨ ᠡᠴᠡ ᠳᠦᠷᠪᠡᠨ ᠮᠢᠩᠭ᠋᠎ᠠ ᠪᠦᠭᠡᠤᠨ ᠭᠤᠴᠢᠨ ᠭᠦᠮᠤᠨ ᠢ ᠰᠤᠩᠭ᠋ᠤᠨ ᠣᠯᠪᠠᠢ᠃

1240 ᠣᠨ (ᠴᠠᠭᠠᠨ ᠬᠤᠯᠤᠭᠠᠨ᠎ᠠ ᠵᠢᠯ᠂ ᠥᠭᠡᠳᠡᠢ ᠬᠠᠭᠠᠨ ᠤ ᠠᠷᠪᠠᠨ ᠬᠤᠶᠠᠳᠤᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠰᠢ ᠶᠢᠨ ᠳᠦᠳᠦᠭᠡᠷ ᠣᠨ)᠄

ᠮᠦᠨ ᠣᠨ᠎ᠠ᠂ ᠪᠠᠳᠤ ᠶᠢᠨ ᠳᠠᠢ᠌ᠯᠠᠭᠰᠠᠨ ᠮᠤᠩᠭ᠋ᠤᠯ ᠴᠡᠷᠢᠭ᠌ ᠣᠷᠤᠰ ᠤᠨ ᠺᠢᠶ‍ᠸᠧ ᠬᠤᠳᠠ ᠶᠢ ᠡᠵᠡᠯᠡᠨ ᠠᠪᠣᠪᠠᠢ᠃

ᠪᠠᠰᠠ ᠮᠦᠨ ᠣᠨ᠎ᠠ ᠮᠤᠩᠭ᠋ᠤᠯ ᠤᠨ ᠪᠢᠴᠢᠭ᠌ ᠤᠨ ᠵᠤᠬᠢᠶᠠᠯ ᠤᠨ ᠭᠠᠢ᠌ᠬᠠᠮᠰᠢᠭᠳᠤ ᠪᠦᠳᠦᠭᠡᠯ 《ᠮᠤᠩᠭ᠋ᠤᠯ ᠤᠨ ᠨᠢᠭᠤᠴᠠ ᠳᠤᠪᠴᠢᠶᠠᠨ》 ᠵᠤᠭᠢᠶᠠᠭᠳᠠᠪᠠᠢ᠃

1241 ᠣᠨ (ᠴᠠᠭᠠᠭᠴᠢᠨ ᠥᠭᠡᠷ ᠵᠢᠯ᠂ ᠥᠭᠡᠳᠡᠢ ᠬᠠᠭᠠᠨ ᠤ ᠠᠷᠪᠠᠨ ᠭᠤᠷᠪᠠᠳᠤᠭᠠᠷ ᠡᠤᠨ᠂ ᠡᠮᠦᠨᠡᠳᠤ ᠰᠦᠩ ᠣᠯᠤᠰ ᠤᠨ ᠴᠦᠨ ᠶ‍ᠢᠤ ᠶᠢᠨ ᠳᠡᠷᠢᠭᠦᠨ ᠣᠨ)᠄

ᠮᠦᠨ ᠣᠨ ᠤ ᠳᠦᠷᠪᠡᠨ ᠰᠠᠷᠠᠳᠠ ᠥᠭᠡᠳᠡᠢ ᠬᠠᠭᠠᠨ ᠥᠳᠦᠭᠦ ᠬᠤᠯᠠᠨ᠎ᠠ ᠨᠠᠰᠤᠨ ᠡᠴᠦᠰ ᠪᠣᠯᠪᠠᠢ᠂ ᠬᠠᠭᠠᠨ ᠰᠠᠭᠤᠷᠢᠨ᠎ᠠ ᠠᠷᠪᠠᠨ ᠭᠤᠷᠪᠠᠨ ᠵᠢᠯ ᠪᠣᠯᠪᠠᠢ᠃

ᠮᠦᠨ ᠣᠨ ᠳᠤ ᠥᠭᠡᠳᠡᠢ ᠬᠠᠭᠠᠨ ᠤᠨ ᠨᠢ᠋ᠮᠠᠯᠵᠢ ᠬᠠᠳᠤᠨ (ᠳᠦᠷᠭᠡᠨ᠎ᠡ) ᠮᠤᠩᠭ᠋ᠤᠯ ᠤᠨ ᠲᠦᠷᠦ ᠶᠢ ᠮᠠᠳᠠᠪᠠ᠃

ᠪᠠᠰᠠ ᠮᠦᠨ ᠣᠨ᠎ᠠ ᠪᠠᠳᠤ ᠶᠢᠨ ᠳᠠᠢ᠌ᠴᠢᠯᠠᠭᠰᠠᠨ ᠮᠤᠩᠭ᠋ᠤᠯ ᠴᠡᠷᠢᠭ᠌ ᠥᠷᠭᠦᠯᠵᠢᠯᠡᠨ ᠪᠠᠷᠠᠭᠤᠠᠰᠢ ᠡᠡᠶᠡᠯᠡᠨ᠂ ᠵᠡᠭᠦᠨ ᠧᠦ᠋ᠷᠤᠫᠠ ᠶᠢᠨ ᠣᠯᠤᠰ ᠣᠷᠤᠨ ᠢ ᠳᠠᠢ᠌ᠯᠠᠨ ᠳᠤᠪᠳᠤᠯᠪᠠᠢ᠃

1242 ᠣᠨ (ᠬᠠᠷ᠎ᠠ ᠪᠠᠷᠰ ᠵᠢᠯ᠂ ᠡᠮᠦᠨᠡᠳᠤ ᠰᠦᠩ ᠣᠯᠤᠰ ᠤᠨ ᠴᠦᠨ ᠶ‍ᠢᠤ ᠶᠢᠨ ᠬᠤᠶᠠᠳᠤᠭᠠᠷ ᠣᠨ)᠄

ᠥᠭᠡᠳᠡᠢ ᠬᠠᠭᠠᠨ ᠤ ᠨᠠᠰᠤ ᠨᠥᠭ᠍ᠴᠢᠭ᠍ᠰᠡᠨ ᠮᠡᠳᠡᠭᠡ ᠪᠠᠳᠤ ᠶᠢᠨ ᠳᠠᠠᠳᠠ ᠣᠯᠠᠮᠵᠢᠯᠠᠭᠳᠠᠨ ᠭᠦᠷᠦᠭ᠍ᠰᠡᠨ᠎ᠡ᠂ ᠪᠠᠳᠤ ᠶᠡᠭᠡ ᠴᠡᠷᠢᠭ᠌ ᠢ ᠠᠪᠴᠤ ᠵᠡᠭᠦᠡᠰᠢ ᠡᠭᠡᠪᠠᠢ᠃ ᠪᠠᠰᠠ ᠮᠦᠨ ᠣᠨ ᠳᠤ ᠴᠢᠩᠭᠢᠰ ᠬᠠᠭᠠᠨ ᠊ᠤ ᠲ᠋ᠠᠳ᠋ ᠭᠦᠪᠠᠭᠦᠨ ᠴᠠᠭᠠᠳᠠᠢ ᠨᠠᠰᠤ ᠪᠠᠷᠠᠪᠠᠢ᠃

1243 ᠣᠨ (ᠬᠠᠷᠠᠭᠴᠢᠨ ᠳᠠᠤᠯᠠᠢ ᠵᠢᠯ᠂ ᠡᠮᠦᠨᠡᠳᠤ ᠰᠦᠩ ᠣᠯᠤᠰ ᠤᠨ ᠴᠦᠨ ᠶᠢᠤ ᠶᠢᠨ ᠭᠤᠳᠠᠭᠠᠷ ᠣᠨ)᠄

ᠵᠤᠴᠢ ᠶᠢᠨ ᠭᠦᠪᠠᠭᠦᠨ ᠪᠠᠳᠤ ᠪᠠᠷᠠᠭᠤᠠᠰᠢ ᠠᠶᠠᠯᠠᠭᠰᠠᠨ ᠳᠠᠢ᠌ᠨ ᠢ ᠳᠡᠭᠦᠰᠭᠡᠭᠡᠤᠨ᠂ ᠮᠥᠨ ᠣᠨ᠎ᠠ ᠸᠤᠯᠭ᠎ᠠ ᠮᠦᠷᠠᠨ ᠤ ᠳᠡᠷᠭᠡᠳᠡ ᠠᠯᠳᠠᠨ ᠥᠷᠦᠭᠡᠳᠤ ᠬᠠᠨ ᠣᠯᠤᠰ ᠢ ᠪᠠᠢ᠌ᠭᠤᠯᠪᠠᠢ᠃ ᠠᠯᠳᠠᠨ ᠥᠷᠦᠭᠡᠳᠤ ᠬᠠᠨ ᠣᠯᠤᠰ ᠢ ᠳᠡᠦᠭᠡᠨ᠎ᠡ ᠪᠠᠰᠠ ᠭᠢᠪᠴᠠᠭ ᠬᠠᠨ ᠣᠯᠤᠰ ᠭᠡᠮᠡᠨ ᠨᠡᠷᠡᠯᠡᠳᠡᠭ᠌ ᠴᠤ ᠪᠣᠢ᠃

1244 ᠣᠨ (ᠭᠦᠭᠡ ᠯᠤᠤ ᠵᠢᠯ᠂ ᠡᠮᠦᠨᠡᠳᠤ ᠰᠦᠩ ᠣᠯᠤᠰ ᠤᠨ ᠴᠦᠨ ᠶᠢᠤ ᠶᠢᠨ ᠳᠦᠳᠦᠭᠡᠷ ᠣᠨ)᠄

ᠴᠢᠩᠭᠢᠰ ᠭᠢᠭᠡᠤᠨ ᠥᠭᠡᠳᠡᠢ ᠬᠠᠭᠠᠨ ᠤ ᠲᠦᠷᠦ ᠳᠤ ᠭᠤᠴᠢ ᠰᠢᠬᠠᠮ ᠵᠢᠯ ᠵᠢᠦᠡᠭᠦᠭ᠍ᠰᠡᠨ ᠵᠦᠩ ᠱᠥ ᠯᠢᠩ ᠲᠦᠰᠢᠮᠠᠯ ᠢᠯᠠ ᠴᠦᠰᠠᠢ (1190 ᠊᠊᠊᠊᠊᠊᠊᠊᠊᠊᠊᠊᠊᠊᠊ 1244) ᠮᠦᠨ ᠣᠨ ᠳᠤ ᠨᠠᠰᠤ ᠪᠠᠷᠠᠵᠤᠬᠤᠢ᠃

1246 ᠣᠨ (ᠣᠯᠠᠭᠴᠢᠨ ᠮᠤᠷᠢᠨ ᠵᠢᠯ᠂ ᠡᠮᠦᠨᠡᠳᠤ ᠰᠦᠩ ᠣᠯᠤᠰ ᠤᠨ ᠴᠦᠨ ᠶᠢᠤ ᠶᠢᠨ ᠵᠢᠷᠭᠤᠳᠤᠭᠠᠷ ᠣᠨ)᠄

ᠮᠦᠨ ᠣᠨ ᠤ ᠳᠤᠯᠤᠭᠠᠨ ᠰᠠᠷᠠᠳᠠ ᠴᠢᠩᠭᠢᠰ ᠬᠠᠭᠠᠨ ᠤ ᠠᠯᠳᠠᠨ ᠣᠷᠤᠭ ᠤᠨ ᠦᠷ᠎ᠡ ᠠᠴᠢᠨᠠᠷ ᠪᠣᠯᠤᠨ ᠲᠦᠷᠦ ᠶᠢᠨ ᠨᠤᠶᠠᠤᠨ ᠲᠦᠰᠢᠮᠠᠤᠨ ᠳᠠᠮᠢᠷ ᠤᠨ ᠭᠤᠤᠯ ᠤᠨ ᠳᠡᠷᠭᠡᠳᠡᠭᠢ ᠰᠢᠷ᠎ᠠ ᠣᠷᠳᠤᠨ᠎ᠠ ᠬᠤᠷᠠᠯᠳᠠᠢ ᠪᠣᠯᠵᠤ ᠰᠢᠨ᠎ᠠ ᠬᠠᠭᠠᠨ ᠡᠷᠭᠦᠭᠦ ᠶᠢ ᠵᠦᠪᠯᠠᠨ ᠡᠶᠡᠯᠳᠡᠪᠠᠢ᠃ ᠨᠢ᠋ᠮᠡᠯᠵᠢ ᠬᠠᠳᠤᠨ ᠥᠭᠡᠳᠡᠢ ᠬᠠᠭᠠᠨ ᠤ ᠵᠠᠷᠯᠢᠭ ᠢ ᠭᠦᠵᠢᠷᠯᠡᠨ᠂ ᠥᠪᠠᠷᠤᠨ ᠠᠬᠠᠮᠠᠤᠨ ᠭᠦᠪᠠᠭᠦᠨ ᠭᠦᠶ‍ᠦᠭ᠌ ᠢ ᠡᠷᠭᠡ ᠶᠢᠨ ᠭᠦᠴᠤᠨ ᠶᠢᠡᠷ ᠶᠡᠭᠡ ᠣᠷᠤ ᠰᠠᠭᠤᠯᠭᠠᠪᠠᠢ᠃

ᠮᠦᠨ ᠣᠨ᠎ᠠ᠂ ᠢᠲ᠋ᠠᠯᠢ ᠭᠦᠮᠤᠨ ᠫᠠᠯᠨᠣ᠊ ᠺᠠᠷᠫᠢᠨ ᠷᠤᠮ ᠤᠨ ᠱᠠᠰᠢᠨ ᠤ ᠪᠠᠪ ᠤᠨ ᠳᠠᠭᠠᠭᠠᠯᠭᠠᠪᠣᠷᠢ ᠪᠠᠷ ᠮᠤᠩᠭ᠋ᠤᠯ ᠤᠨ ᠡᠵᠡᠡᠳᠤ ᠣᠯᠤᠰ ᠤᠨ ᠨᠠᠢ᠌ᠰᠯᠠᠯ ᠬᠠᠷ᠎ᠠ ᠬᠤᠷᠤᠮ ᠬᠤᠳᠠᠨ᠎ᠠ ᠭᠦᠷᠦᠯᠴᠡᠨ ᠢᠷᠡᠭᠡᠤᠨ ᠭᠦᠶ‍ᠦᠭ᠌ ᠬᠠᠭᠠᠨ᠎ᠠ ᠪᠠᠷᠠᠭᠠᠳᠠᠵᠤ ᠵᠤᠯᠭᠠᠵᠤ ᠪᠯᠠᠮ᠎ᠠ ᠶᠢᠨ ᠪᠢᠴᠢᠭ᠌ ᠢ ᠡᠷᠭᠦᠪᠠᠢ᠃

ᠪᠠᠰᠠ ᠮᠦᠨ ᠣᠨ ᠳᠤ ᠣᠷᠤᠰ ᠤᠨ ᠴᠸᠷᠨᠢᠺᠦᠧ ᠊ᠤᠨ ᠭᠦᠩ ᠮᠠᠢ᠌ᠺᠧᠷ ᠨᠠᠢ᠌ᠰᠯᠠᠯ ᠬᠠᠷ᠎ᠠ ᠬᠤᠷᠤᠮ ᠬᠤᠳᠠᠨ ᠳᠤ ᠢᠷᠠᠵᠤ ᠭᠦᠶ‍ᠦᠭ᠌ ᠬᠠᠭᠠᠨ᠎ᠠ ᠪᠠᠷᠠᠭᠠᠳᠠᠵᠤ ᠵᠤᠯᠭᠤᠪᠠᠢ᠃ ᠡᠡᠷᠮᠸᠨᠢᠶ᠎ᠡ᠂ ᠭ᠍ᠷᠦᠼᠢᠨ ᠤ ᠸᠠᠩ ᠨᠡᠷ ᠪᠠᠰᠠ ᠳᠤᠰᠬᠠᠢ ᠡᠯᠴᠢᠨ ᠳᠤᠮᠢᠯᠠᠨ ᠭᠦᠶ‍ᠦᠭ᠌ ᠬᠠᠭᠠᠨ᠎ᠠ ᠦᠨᠡᠳᠤ ᠪᠠᠯᠡᠭ᠌ ᠪᠠᠷᠢᠪᠠᠢ᠃

ᠳᠠᠷᠤᠮ᠄ 22297
ᠴᠠᠭ᠄ 2006 ᠤᠨ ᠤ 04 ᠰᠠᠷ᠎ᠠ ᠶᠢᠨ 16
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ