ᠨᠡᠪᠲᠡᠷᠡᠨ ᠤᠷᠤᠬᠤ
ᠨᠢᠭᠡ ᠂ 1162 ᠤᠨ ᠡᠴᠡ 1216 ᠤᠨ ᠬᠦᠷᠲᠡᠯ᠎ᠡ

1162 ᠣᠨ (ᠬᠠᠷ᠎ᠠ ᠮᠤᠷᠢᠨ ᠵᠢᠯ᠂ ᠠᠯᠳᠠᠨ ᠣᠯᠤᠰ ᠤᠨ ᠳ᠋ᠠ ᠳ᠋ᠢᠩ ᠤᠨ ᠬᠤᠶᠠᠳᠤᠭᠠᠷ ᠡᠤᠨ᠂ ᠡᠮᠦᠨᠡᠳᠤ ᠰᠦᠩ ᠣᠯᠤᠰ ᠤᠨ ᠱᠤᠤ ᠰᠢᠩ ᠤᠨ ᠭᠤᠴᠢᠨ ᠬᠤᠶᠠᠳᠤᠭᠠᠷ ᠣᠨ)᠄

ᠮᠦᠨ ᠣᠨ᠎ᠠ ᠳᠠᠮᠤᠵᠢᠨ ᠣᠨᠤᠨ ᠮᠦᠷᠠᠨ ᠤ ᠳᠡᠷᠭᠡᠳᠡᠭᠢ ᠳᠡᠯᠢᠭᠦᠨ ᠪᠣᠯᠳᠠᠭ ᠭᠡᠮᠡᠭᠦ ᠭᠠᠵᠠᠷ᠎ᠠ ᠶ‍ᠢᠰᠦᠭᠡᠢ ᠪᠠᠭᠠᠳᠤᠷ ᠤᠨ ᠭᠡᠷ ᠲᠤ ᠮᠠᠠᠳᠤᠯᠠᠪᠠᠢ᠃

※ ᠳᠠᠮᠤᠵᠢᠨ ᠤ ᠮᠡᠡᠳᠦᠯᠡᠭ᠍ᠰᠡᠨ ᠤᠨ ᠢ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠡᠰᠡ ᠳᠡᠮᠳᠡᠭᠯᠡᠵᠦᠭᠦᠢ᠃ ᠷᠡᠰᠢᠳ᠋ ᠤᠨ ᠪᠢᠴᠢᠭ᠌ ᠲᠤ ᠳᠠᠮᠤᠵᠢᠨ ᠤ ᠮᠡᠡᠳᠦᠯᠡᠭ᠍ᠰᠡᠨ ᠣᠨ ᠢ 1152 ᠣᠨ (ᠢᠰᠯᠠᠮ ᠤᠨ ᠳᠤᠭᠠᠯᠠᠯ ᠤᠨ 547 ᠣᠨ) ᠭᠡᠭᠦ ᠪᠠ ᠪᠠᠰᠠ 1155 ᠣᠨ (ᠢᠰᠯᠠᠮ ᠤᠨ ᠳᠤᠭᠠᠯᠠᠯ ᠤᠨ 549 ᠣᠨ) ᠭᠡᠵᠤ ᠠᠳᠠᠯᠢ ᠪᠣᠰᠤ ᠬᠤᠶᠠᠷ ᠶᠠᠩᠵᠤ ᠪᠠᠷ ᠳᠡᠮᠳᠡᠭᠯᠡᠪᠠᠢ᠃ 《ᠶᠤᠸᠠᠨ ᠣᠯᠤᠰ ᠤᠨ ᠰᠤᠳᠤᠷ》 ᠂ 《ᠪᠣᠭᠳᠠ ᠪᠠᠭᠠᠳᠤᠷ ᠤᠨ ᠪᠠᠶ᠎ᠠ ᠪᠠᠷ ᠴᠠᠭᠤᠷᠤᠭᠰᠠᠨ ᠱᠡᠰᠳᠢᠷ》 ᠵᠡᠷᠭᠡ ᠭᠢᠳᠠᠤᠨ ᠰᠤᠷᠪᠣᠯᠵᠢ ᠪᠢᠴᠢᠭ᠌ ᠪᠣᠯᠤᠨ ᠰᠠᠭᠠᠩ ᠰᠠᠴᠠᠨ ᠤ 《ᠡᠷᠳᠡᠨᠢ ᠶᠢᠨ ᠳᠤᠪᠴᠢ》 ᠂ ᠯᠤᠪᠰᠠᠩᠳᠠᠠᠵᠢᠨ ᠤ 《ᠠᠯᠳᠠᠨ ᠳᠤᠪᠴᠢ》 ᠵᠡᠷᠭᠡ ᠮᠤᠩᠭ᠋ᠤᠯ ᠰᠤᠷᠪᠣᠯᠵᠢ ᠪᠢᠴᠢᠭ᠌ ᠲᠤ ᠳᠠᠮᠤᠵᠢᠨ ᠤ ᠮᠡᠡᠳᠦᠯᠡᠭ᠍ᠰᠡᠨ ᠣᠨ ᠢ ᠴᠦᠮ ᠬᠠᠷ᠎ᠠ ᠮᠤᠷᠢᠨ ᠵᠢᠯ (1162 ᠣᠨ) ᠭᠡᠮᠡᠨ ᠳᠡᠮᠳᠡᠭᠯᠡᠵᠦᠭᠦᠢ ᠭᠢᠨᠡᠪᠠᠰᠤ ᠬᠠᠷ᠎ᠠ ᠮᠤᠷᠢᠨ ᠵᠢᠯ ᠢᠨᠤ ᠵᠦᠪ ᠪᠣᠶᠤ᠃

1170 ᠣᠨ (ᠴᠠᠭᠠᠨ ᠪᠠᠷᠰ ᠵᠢᠯ᠂ ᠠᠯᠳᠠᠨ ᠣᠯᠤᠰ ᠤᠨ ᠳ᠋ᠠ ᠳ᠋ᠢᠩ ᠤᠨ ᠠᠷᠪᠠᠳᠤᠭᠠᠷ ᠡᠤᠨ᠂ ᠡᠮᠦᠨᠡᠳᠤ ᠰᠦᠩ ᠣᠯᠤᠰ ᠤᠨ ᠴᠢᠶᠠᠨ ᠳᠤᠤ ᠶᠢᠨ ᠵᠢᠷᠭᠤᠳᠤᠭᠠᠷ ᠣᠨ)᠄

ᠲ᠋ᠠᠮᠤᠵᠢᠨ ᠶ‍ᠢᠰᠤᠨ ᠨᠠᠰᠤᠳᠠᠢ᠃ ᠮᠦᠨ ᠤᠨ᠎ᠡ᠂ ᠶ‍ᠢᠰᠦᠭᠡᠢ ᠪᠠᠭᠠᠳᠤᠷ ᠥᠭᠡᠯᠤᠨ ᠦᠵᠢᠨ ᠤ ᠳᠦᠷᠭᠦᠮ ᠊᠊᠊᠊᠊᠊᠊᠊᠊᠊᠊᠊᠊᠊᠊ ᠤᠯᠭᠤᠨᠦᠳ ᠢᠷᠭᠡᠨ ᠡᠴᠡ ᠦᠬᠢᠨ ᠭᠤᠶᠤᠰᠤ ᠭᠡᠮᠡᠨ ᠳᠠᠮᠤᠵᠢᠨ ᠢ ᠠᠪᠴᠤ ᠤᠳᠦᠭᠠᠳ᠂ ᠴᠢᠭ᠍ᠴᠡᠷ ᠴᠢᠬᠤᠷᠭᠤ ᠬᠤᠶᠠᠷ ᠤᠨ ᠵᠠᠭᠤᠷ᠎ᠠ ᠬᠤᠩᠭᠢᠷᠠᠤᠨ ᠤᠨ ᠳ᠋ᠠᠢ ᠰᠠᠴᠠᠨ ᠯᠦᠭᠡ ᠡᠡᠭᠤᠯᠵᠡᠵᠤ᠂ ᠲ᠋ᠡᠭᠦᠨ ᠤ ᠦᠬᠢᠨ ᠪᠦᠷᠳᠡ ᠶᠢ ᠭᠦᠪᠠᠭᠦᠨ ᠳᠡᠭᠡᠨ ᠭᠤᠶᠤᠵᠤ ᠳᠤᠭᠳᠡᠵᠡᠢ᠃ ᠶ‍ᠢᠰᠦᠭᠡᠢ ᠪᠠᠭᠠᠳᠤᠷ ᠳᠠᠠᠳᠠ ᠡᠴᠡ ᠪᠣᠴᠠᠬᠤ ᠳᠠᠭᠠᠨ ᠴᠢᠭ᠍ᠴᠡᠷ ᠤᠨ ᠰᠢᠷ᠎ᠠ ᠳᠠᠯ᠎ᠠ ᠳᠤ ᠳᠠᠲ᠋ᠠᠷ ᠢᠷᠭᠡᠤᠨ ᠲᠤ ᠬᠤᠤᠷᠯᠠᠭᠳᠠᠵᠤ ᠣᠳᠠᠯ ᠦᠭᠡᠶ ᠨᠠᠰᠤ ᠪᠠᠷᠡᠪᠠᠢ᠃ ᠶ‍ᠢᠰᠦᠭᠡᠢ ᠪᠠᠭᠠᠳᠤᠷ ᠨᠠᠰᠤ ᠪᠠᠷᠠᠭᠰᠠᠨ ᠡᠴᠡ ᠬᠣᠢ᠌ᠰᠢ᠂ ᠮᠤᠩᠭ᠋ᠤᠯ ᠭᠢᠶᠠᠳ ᠠᠢ᠌ᠮᠠᠭ ᠤᠨ ᠰᠦᠷ ᠭᠦᠴᠤᠨ ᠶᠡᠭᠡᠳᠡ ᠪᠠᠭᠤᠷᠠᠪᠠᠢ᠃

※ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠳᠠᠮᠤᠵᠢᠨ ᠢ ᠶ‍ᠢᠰᠤᠨ ᠨᠠᠰᠤᠳᠠᠢ ᠪᠦᠭᠦᠢ ᠳᠤ ᠡᠴᠢᠭᠡ ᠢᠨᠤ ᠶ‍ᠢᠰᠦᠭᠡᠢ ᠪᠠᠭᠠᠳᠤᠷ ᠦᠬᠢᠨ ᠭᠤᠶᠤᠰᠤ ᠭᠡᠮᠡᠨ ᠳᠠᠮᠤᠵᠢᠨ ᠢ ᠠᠪᠴᠤ ᠣᠳᠤᠭᠰᠠᠨ ᠭᠡᠭᠦ᠃ ᠷᠡᠰᠢᠳ᠋ ᠤᠨ ᠪᠢᠴᠢᠭ᠌ ᠲᠤ ᠳᠠᠮᠤᠵᠢᠨ ᠢ ᠠᠷᠪᠠᠨ ᠭᠤᠷᠪᠠᠨ ᠨᠠᠰᠤᠳᠠᠢ ᠳᠤ ᠦᠬᠢᠨ ᠭᠤᠶᠤᠷ᠎ᠠ ᠣᠳᠤᠭᠰᠠᠨ ᠭᠡᠭᠦ ᠪᠠ ᠵᠠᠷᠢᠮ ᠮᠤᠩᠭ᠋ᠤᠯ ᠰᠤᠷᠪᠣᠯᠵᠢ ᠪᠢᠴᠢᠭ᠌ ᠲᠤ ᠮᠦᠨ ᠢᠩᠭᠢᠵᠤ ᠳᠡᠮᠳᠡᠭᠯᠡᠭ᠍ᠰᠡᠨ ᠵᠣᠢ᠌ᠯ ᠪᠣᠢ᠃ ᠭᠢᠨᠠᠪᠠᠰᠤ ᠳᠠᠮᠤᠵᠢᠨ ᠮᠦᠨ ᠣᠨ᠎ᠠ ᠶ‍ᠢᠰᠤᠨ ᠨᠠᠰᠤᠳᠠᠢ ᠪᠠᠢ᠌ᠭᠰᠠᠨ ᠪᠣᠶᠤ᠃

1189 ᠣᠨ (ᠰᠢᠷᠠᠭᠴᠢᠨ ᠳᠠᠭᠢᠶ᠎ᠠ ᠵᠢᠯ᠂ ᠠᠯᠳᠠᠨ ᠣᠯᠤᠰ ᠤᠨ ᠳ᠋ᠠ ᠳ᠋ᠢᠩ ᠤᠨ ᠬᠤᠷᠢ ᠶ‍ᠢᠰᠤᠨ ᠡᠤᠨ᠂ ᠡᠮᠦᠨᠡᠳᠤ ᠰᠦᠩ ᠣᠯᠤᠰ ᠤᠨ ᠴᠦᠨ ᠰᠢ ᠶᠢᠨ ᠠᠷᠪᠠᠨ ᠵᠢᠷᠭᠤᠳᠤᠭᠠᠷ ᠣᠨ)᠄

ᠲ᠋ᠠᠮᠤᠵᠢᠨ ᠬᠤᠷᠢᠨ ᠨᠢ᠋ᠮᠠᠨ ᠨᠠᠰᠤᠳᠠᠢ᠃ ᠮᠦᠨ ᠣᠨ᠎ᠠ᠂ ᠵᠠᠯᠠᠭᠤ ᠨᠠᠰᠤᠨ ᠤ ᠳᠠᠮᠤᠵᠢᠨ ᠮᠤᠩᠭ᠋ᠤᠯ ᠠᠢ᠌ᠮᠠᠭ ᠤᠨ ᠬᠤᠯᠪᠣᠭᠠᠨ ᠤ ᠠᠬᠠᠯᠠᠭᠴᠢ ᠪᠠᠷ ᠡᠷᠭᠦᠮᠵᠢᠯᠡᠭ᠍ᠳᠡᠵᠡᠢ᠃ ᠡᠢ᠌ᠨ ᠭᠦ᠂ ᠮᠤᠩᠭ᠋ᠤᠯ ᠤᠨ ᠬᠤᠳᠠᠯᠠ ᠬᠠᠨ ᠤ ᠦᠶ᠎ᠡ ᠳᠤ ᠵᠠᠳᠠᠷᠠᠭᠰᠠᠨ ᠬᠠᠮᠤᠭ ᠮᠤᠩᠭ᠋ᠤᠯ ᠠᠢ᠌ᠮᠠᠭ ᠤᠨ ᠬᠤᠯᠪᠣᠭ᠎ᠠ ᠳᠠᠭᠢᠨ ᠪᠦᠷᠢᠯᠳᠦᠵᠤ ᠳᠤᠭᠳᠠᠪᠠᠢ᠃ ᠪᠠᠰᠠ ᠮᠦᠨ ᠣᠨ᠎ᠠ᠂  ᠵᠠᠳᠠᠷᠠᠨ ᠤ ᠵᠠᠮᠤᠬ᠎ᠠ ᠠᠷᠪᠠᠨ ᠭᠤᠷᠪᠠᠨ ᠠᠢ᠌ᠮᠠᠭ ᠯᠤᠭ᠎ᠠ ᠨᠥᠭᠦᠴᠡᠵᠤ ᠭᠤᠷᠪᠠᠨ ᠲᠦᠮᠡᠨ ᠴᠡᠷᠢᠭ᠌ ᠳᠠᠢ᠌ᠴᠢᠯᠠᠨ ᠳᠠᠮᠤᠵᠢᠨ ᠢ ᠳᠠᠢ᠌ᠯᠠᠷ᠎ᠠ ᠭᠦᠳᠡᠯᠪᠠᠢ᠃

ᠳᠠᠮᠤᠵᠢᠨ ᠮᠦᠨ ᠡᠡᠷᠪᠠᠨ ᠭᠤᠷᠪᠠᠨ ᠭᠦᠷᠢᠶᠡᠨ ᠪᠣᠯᠵᠤ ᠭᠤᠷᠪᠠᠨ ᠲᠦᠮᠡᠨ ᠴᠡᠷᠢᠭ᠌ ᠡᠡᠪᠴᠤ ᠳᠠᠯᠠᠨ ᠪᠠᠯᠵᠤᠳ (ᠳᠡᠦᠭᠡᠳᠤ ᠭᠡ · ᠫᠡᠷᠯᠡᠢ ᠶᠢᠨ ᠥᠭᠦᠯᠡᠭᠦ ᠪᠠᠷ ᠪᠤᠷᠢᠶᠡᠳ ᠤᠨ ᠨᠤᠳᠤᠭ ᠲᠤ ᠪᠣᠢ᠂ ᠪᠠᠯᠵᠤᠨ᠎ᠠ ᠨᠠᠭᠤᠷ ᠤᠨ ᠰᠠᠪᠠ ᠭᠠᠵᠠᠷ ᠮᠦᠨ ᠭᠡᠭᠦ᠃ ᠭᠢᠳᠡᠳ ᠡᠷᠳᠡᠮᠳᠡᠨ ᠱᠢ ᠱᠢ ᠵᠢᠶ‍ᠧ ᠶᠢᠨ ᠥᠭᠦᠯᠡᠭᠦ ᠪᠠᠷ ᠡᠳᠦᠭᠡ ᠶᠢᠨ ᠭᠦᠯᠤᠨ ᠨᠠᠭᠤᠷ ᠤᠨ ᠣᠷᠴᠢᠮ ᠳ᠋ᠠᠭᠢ ᠭᠠᠵᠠᠷ ᠮᠦᠨ ᠭᠡᠭᠦ᠃ ) ᠭᠡᠮᠡᠭᠦ ᠭᠠᠵᠠᠷ ᠲᠤ ᠰᠢᠷᠦᠭᠦᠨ ᠬᠠᠤᠠᠬᠤᠯᠳᠤᠭᠠᠨ ᠪᠤᠯᠪᠠᠢ᠃ ᠡᠨᠡ ᠪᠣᠯᠪᠠᠰᠤ ᠳᠠᠷᠤᠢ ᠳᠡᠦᠭᠡᠨ᠎ᠡ ᠠᠯᠳᠠᠷᠰᠢᠭᠰᠠᠨ   《ᠠᠷᠪᠠᠨ ᠭᠤᠷᠪᠠᠨ ᠭᠦᠷᠢᠶᠡᠨ ᠤ ᠳᠠᠢ᠌ᠨ》 ᠮᠦᠨ ᠪᠣᠶᠤ᠃

※ 《ᠮᠤᠩᠭ᠋ᠤᠯ ᠤᠨ ᠨᠢᠭᠤᠴᠠ ᠳᠤᠪᠴᠢᠶᠠᠨ》 ᠪᠣᠯᠤᠨ ᠯᠤᠪᠰᠠᠩᠳᠠᠠᠵᠢᠨ ᠤ 《ᠠᠯᠳᠠᠨ ᠳᠤᠪᠴᠢ》 ᠳ᠋ᠤ ᠳᠠᠯᠠᠨ ᠪᠠᠯᠵᠤᠳ ᠤᠨ ᠳᠠᠢ᠌ᠨ ᠳᠤ ᠳᠠᠮᠤᠵᠢᠨ ᠵᠠᠮᠤᠬ᠎ᠠ ᠶᠢᠨ ᠭᠦᠴᠤᠨ ᠳᠤ ᠢᠯᠠᠭᠳᠠᠭᠰᠠᠨ ᠭᠡᠵᠡᠢ᠃ ᠷᠡᠰᠢᠳ᠋ ᠤᠨ ᠪᠢᠴᠢᠭ᠌᠂ 《ᠪᠣᠭᠳᠠ ᠪᠠᠭᠠᠳᠤᠷ ᠤᠨ ᠪᠠᠶ᠎ᠠ ᠪᠠᠷ ᠴᠤᠭᠤᠷᠠᠭᠰᠠᠨ ᠱᠠᠰᠳᠢᠷ》 ᠪᠣᠯᠤᠨ 《ᠶᠤᠸᠠᠨ ᠣᠯᠤᠰ ᠤᠨ ᠰᠤᠳᠦᠷ》 ᠵᠡᠷᠭᠡ ᠳᠤ ᠴᠦᠮ ᠳᠠᠮᠤᠵᠢᠨ ᠶᠢᠡᠷ ᠵᠠᠮᠤᠬ᠎ᠠ ᠶᠢ ᠶᠡᠭᠡᠳᠡ ᠢᠯᠠᠭᠰᠠᠨ ᠭᠡᠵᠡᠢ᠃ ᠲ᠋ᠦᠬᠠᠢ ᠶᠢᠨ ᠦᠶ᠎ᠡ ᠶᠢᠨ ᠪᠠᠢ᠌ᠳᠠᠯ ᠡᠴᠡ ᠦᠵᠡᠪᠠᠰᠤ 《ᠨᠢᠭᠤᠴᠠ ᠳᠤᠪᠴᠢᠶᠠᠨ》 ᠪᠠ 《ᠠᠯᠳᠠᠨ ᠳᠤᠪᠴᠢ》 ᠵᠢᠨ ᠳᠡᠮᠳᠡᠭᠯᠡᠯ ᠢᠨᠤ ᠪᠣᠳᠠᠳᠤ ᠪᠠᠢ᠌ᠳᠠᠯ ᠯᠤᠭ᠎ᠠ ᠨᠡᠢ᠌ᠴᠡᠭᠦ ᠮᠠᠳᠤ᠃

1196 ᠣᠨ (ᠣᠯᠠᠭᠠᠨ ᠯᠤᠤ ᠵᠢᠯ᠂ ᠠᠯᠳᠠᠨ ᠣᠯᠤᠰ ᠤᠨ ᠴᠸᠩ ᠠᠨ ᠤ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠰᠢᠩ ᠶᠤᠸᠠᠨ ᠤ ᠬᠤᠶᠠᠳᠤᠭᠠᠷ ᠣᠨ)᠄

ᠲ᠋ᠠᠮᠤᠵᠢᠨ ᠭᠤᠴᠢᠨ ᠳᠠᠪᠤᠨ ᠨᠠᠰᠤᠳᠠᠢ᠃ ᠮᠦᠨ ᠣᠨ᠎ᠠ᠂ ᠲ᠋ᠠᠲ᠋ᠠᠷ ᠤᠨ ᠮᠡᠭᠦᠵᠢᠨ ᠰᠡᠭᠦᠯᠳᠤ ᠠᠯᠳᠠᠨ ᠣᠯᠤᠰ ᠡᠴᠡ ᠣᠷᠪᠠᠭᠰᠠᠨ᠎ᠠ᠂ ᠠᠯᠳᠠᠨ ᠣᠯᠤᠰ ᠤᠨ ᠬᠠᠭᠠᠨ ᠸᠠᠩᠭᠢᠩ ᠴᠢᠩᠰᠠᠩ ᠢ ᠣᠮᠠᠷᠠᠰᠢ ᠳᠠᠢ᠌ᠯᠠᠭᠤᠯᠪᠠᠢ᠃ ᠲ᠋ᠠᠮᠤᠵᠢᠨ ᠭᠡᠷᠡᠢ᠌ᠤᠨ ᠤᠨ ᠸᠠᠩ ᠬᠠᠨ ᠯᠤᠭ᠎ᠠ ᠬᠠᠮᠳᠤᠷᠠᠵᠤ ᠠᠯᠳᠠᠨ ᠣᠯᠤᠰ ᠢ ᠬᠠᠪᠰᠤᠷᠴᠤ ᠳᠠᠲ᠋ᠠᠷ ᠤᠨ ᠮᠡᠭᠦᠵᠢᠨ ᠰᠡᠭᠦᠯᠳᠤ ᠶᠢ ᠴᠤᠭᠢᠵᠤ ᠣᠰᠠᠤᠠᠬᠠᠭᠠᠤᠨ ᠸᠠᠩᠭᠢᠩ ᠴᠢᠩᠰᠠᠩ ᠡᠴᠡ ᠵᠠᠭᠤᠳ ᠊᠊᠊᠊᠊᠊᠊᠊᠊᠊᠊᠊᠊᠊᠊ ᠬᠤᠷᠢ ᠴᠤᠯᠠ ᠭᠦᠷᠳᠡᠵᠡᠢ᠃

1200 ᠣᠨ (ᠴᠠᠭᠠᠨ ᠪᠠᠷᠰ ᠵᠢᠯ᠂ ᠠᠯᠳᠠᠨ ᠣᠯᠤᠰ ᠤᠨ ᠴᠸᠩ ᠠᠨ ᠤ ᠳᠠᠪᠣᠳᠤᠭᠠᠷ ᠡᠤᠨ᠂ ᠡᠮᠦᠨᠡᠳᠤ ᠰᠦᠩ ᠣᠯᠤᠰ ᠤᠨ ᠰᠢᠩ ᠶᠤᠸᠠᠨ ᠤ ᠵᠢᠷᠭᠤᠳᠤᠭᠠᠷ ᠣᠨ)᠄

ᠲ᠋ᠠᠮᠤᠵᠢᠨ ᠭᠤᠴᠢᠨ ᠶ‍ᠢᠰᠤᠨ ᠨᠠᠰᠤᠳᠠᠢ᠃ ᠮᠦᠨ ᠣᠨ᠎ᠠ᠂ ᠲ᠋ᠠᠮᠤᠵᠢᠨ ᠭᠡᠷᠡᠢ᠌ᠤᠨ ᠤᠨ ᠸᠠᠩ ᠬᠠᠨ ᠯᠤᠭ᠎ᠠ ᠭᠦᠴᠤᠨ ᠬᠠᠮᠳᠤᠷᠴᠤ᠂ ᠣᠨᠤᠨ ᠤ ᠳᠡᠷᠭᠡᠳᠡ ᠳᠠᠢ᠌ᠴᠢᠭᠤᠳ ᠤᠨ ᠭᠦᠴᠤᠨ ᠢ ᠳᠠᠷᠤᠪᠠᠢ᠃

1201 ᠣᠨ (ᠴᠠᠭᠠᠭᠴᠢᠨ ᠳᠠᠭᠢᠶ᠎ᠠ ᠵᠢᠯ᠂ ᠠᠯᠳᠠᠨ ᠣᠯᠤᠰ ᠤᠨ ᠲᠡᠶ ᠾᠧ ᠶᠢᠨ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠵᠢᠶᠠ ᠲᠡᠶ ᠶᠢᠨ ᠳᠡᠷᠢᠭᠦᠨ ᠣᠨ)᠄

ᠲ᠋ᠠᠮᠤᠵᠢᠨ ᠳᠦᠴᠢᠨ ᠨᠠᠰᠤᠳᠠᠢ᠃ ᠮᠦᠨ ᠣᠨ᠎ᠠ᠂ ᠬᠠᠳᠠᠭᠢᠨ᠂ ᠰᠠᠯᠴᠢᠭᠤᠳ ᠳᠦᠷᠪᠡᠨ᠂ ᠲ᠋ᠠᠲ᠋ᠠᠷ᠂ ᠮᠠᠷᠭᠵᠤᠨ᠂ ᠨᠢ᠋ᠮᠠᠨ ᠵᠡᠷᠭᠡ ᠠᠷᠪᠠᠨ ᠨᠢᠭᠡᠨ ᠬᠠᠷᠢ ᠠᠢ᠌ᠮᠠᠭ ᠬᠠᠮᠳᠤᠤᠠᠴᠤ ᠰᠢᠨᠠᠭ᠎ᠠ ᠶᠢᠨ ᠠᠬᠤ ᠨᠤᠭᠤ ᠭᠡᠮᠡᠭᠦ ᠭᠠᠵᠠᠷ᠎ᠠ ᠵᠠᠳᠠᠷᠠᠨ ᠤ ᠵᠠᠮᠤᠬ᠎ᠠ ᠶᠢ ᠭᠦᠷ ᠬᠠᠨ ᠡᠷᠭᠦᠮᠵᠢᠯᠡᠭᠡᠤᠨ᠂ ᠲ᠋ᠡᠮᠦᠵᠢᠨ ᠪᠣᠯᠤᠨ ᠸᠠᠩ ᠬᠠᠨ ᠢ ᠭᠡᠨᠡᠳᠡᠭᠦᠯᠤᠨ ᠳᠠᠭᠠᠷᠢᠵᠤ ᠰᠥᠨᠦᠭᠡᠭᠦ ᠪᠠᠷ ᠪᠠᠯᠡᠳᠭᠡᠵᠡᠢ᠃ ᠭᠤᠷᠯᠤᠰ ᠤᠨ ᠬᠤᠷᠢᠳᠠᠢ ᠭᠡᠮᠡᠭ᠍ᠴᠢ ᠡᠨᠡ ᠴᠢᠮᠡᠭᠡ ᠶᠢ ᠳᠠᠮᠤᠵᠢᠨ ᠳᠤ ᠭᠦᠷᠭᠡᠵᠤ ᠢᠷᠡᠭ᠍ᠰᠡᠨ᠎ᠡ᠂ ᠲ᠋ᠡᠮᠦᠵᠢᠨ ᠸᠠᠩ ᠬᠠᠨ ᠯᠤᠭ᠎ᠠ ᠭᠦᠴᠤᠨ ᠬᠠᠮᠳᠤᠤᠠᠴᠤ ᠴᠡᠷᠢᠭ᠌ ᠡᠭᠦᠰᠭᠡᠨ ᠭᠦᠳᠡᠯᠦᠭᠡᠤᠨ ᠭᠦᠢᠳᠡᠨ ᠭᠡᠮᠡᠭᠦ ᠭᠠᠵᠠᠷ ᠲᠤ ᠵᠠᠮᠤᠬ᠎ᠠ ᠶᠢᠨ ᠬᠤᠯᠪᠣᠭᠠᠳᠤ ᠴᠡᠷᠢᠭ᠌ ᠢ ᠭᠦᠡᠳᠤ ᠡᠪᠳᠡᠪᠠᠢ᠃ ᠡᠨᠡ ᠳᠠᠢ᠌ᠨ ᠢ ᠮᠤᠩᠭ᠋ᠤᠯ ᠤᠨ ᠳᠡᠦᠭᠡᠨ᠎ᠡ 《ᠭᠦᠢᠳᠡᠨ ᠤ ᠳᠡᠢ᠌ᠨ》 ᠭᠡᠮᠡᠨ ᠨᠡᠷᠡᠯᠡᠳᠡᠭ᠌ ᠪᠢᠯᠠ᠃

1202 ᠣᠨ (ᠬᠠᠷ᠎ᠠ ᠨᠤᠬᠠᠢ ᠵᠢᠯ᠂ ᠠᠯᠳᠠᠨ ᠣᠯᠤᠰ ᠤᠨ ᠲᠡᠶ ᠾᠧ ᠶᠢᠨ ᠬᠤᠶᠠᠳᠤᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠲᠡᠶ ᠶᠢᠨ ᠬᠤᠶᠠᠳᠤᠭᠠᠷ ᠣᠨ)᠄

ᠲ᠋ᠠᠮᠤᠵᠢᠨ ᠳᠦᠴᠢᠨ ᠨᠢᠭᠡᠨ ᠨᠠᠰᠤᠳᠠᠢ᠃ ᠮᠦᠨ ᠣᠨ᠎ᠠ᠂ ᠮᠤᠩᠭ᠋ᠤᠯ ᠪᠣᠯᠤᠨ ᠳᠠᠲ᠋ᠠᠷ ᠠᠢ᠌ᠮᠠᠭ ᠤᠨ ᠬᠤᠭᠤᠷᠤᠠᠳᠤ 《ᠳᠠᠯᠠᠨ ᠨᠡᠮᠦᠷᠭᠡᠰ ᠤᠨ ᠳᠠᠢ᠌ᠨ》 ᠪᠣᠯᠪᠠᠢ᠃ ᠲ᠋ᠠᠢ᠌ᠨ ᠤ ᠦᠷ᠎ᠡ ᠳ᠋ᠦᠩ ᠳᠤ ᠳᠠᠮᠤᠵᠢᠨ ᠭᠦᠮᠤᠨ ᠪᠦᠯᠢ ᠣᠯᠠᠠᠳᠠᠢ ᠭᠦᠴᠦᠷᠭᠡᠭ᠌ ᠳᠠᠢ᠌ᠴᠢᠨ ᠳᠠᠲ᠋ᠠᠷ ᠠᠢ᠌ᠮᠠᠭ ᠢ ᠦᠨᠡᠰᠤ ᠪᠠᠷ ᠭᠡᠢ᠌ᠰᠭᠡᠨ᠂ ᠤᠯᠦᠰ ᠢᠷᠭᠡᠨ ᠢ ᠨᠢ ᠪᠣᠭᠤᠯᠢᠳᠤᠨ ᠵᠥᠭ᠌ ᠵᠥᠭ᠌ ᠲᠤ ᠬᠤᠪᠢᠶᠠᠯᠳᠤᠪᠠᠢ᠃ ᠡᠭᠦᠡᠴᠡ ᠡᠭᠢᠯᠡᠨ ᠮᠤᠩᠭ᠋ᠤᠯ ᠤᠨ ᠳᠤᠷᠤᠨ᠎ᠠ ᠵᠥᠭ᠌ ᠤᠨ ᠥᠷᠭᠡᠨ ᠠᠭᠤᠳᠠᠮ ᠭᠠᠵᠠᠷ ᠨᠤᠳᠤᠭ ᠴᠦᠮ ᠳᠠᠮᠤᠵᠢᠨ᠎ᠠ ᠡᠷᠭᠡᠰᠢᠶᠡᠭ᠍ᠳᠡᠵᠤ ᠮᠤᠩᠭ᠋ᠤᠯ ᠤᠨ ᠥᠡᠳᠦᠷᠯᠢᠭ᠌ ᠤᠨ ᠨᠢᠭᠡᠳᠦᠯ ᠤᠨ ᠶᠠᠪᠣᠴᠠ ᠨᠠᠩᠳᠠ ᠳᠦᠷᠭᠡᠵᠢᠪᠠᠢ᠃

1203 ᠣᠨ (ᠬᠠᠷᠠᠭᠴᠢᠨ ᠭᠠᠬᠠᠢ ᠵᠢᠯ᠂ ᠠᠯᠳᠠᠨ ᠣᠯᠤᠰ ᠤᠨ ᠲᠡᠶ ᠾᠧ ᠶᠢᠨ ᠭᠤᠳᠠᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠲᠡᠶ ᠶᠢᠨ ᠭᠤᠳᠠᠭᠠᠷ ᠣᠨ)᠄

ᠲ᠋ᠠᠮᠤᠵᠢᠨ ᠳᠦᠴᠢᠨ ᠬᠤᠶᠠᠷ ᠨᠠᠰᠤᠳᠠᠢ᠃ ᠲ᠋ᠠᠮᠤᠵᠢᠨ ᠪᠣᠯᠤᠨ ᠭᠡᠷᠡᠢ᠌ᠤᠨ ᠤᠨ ᠸᠠᠩ ᠬᠠᠨ ᠤ ᠬᠠᠷᠢᠴᠠᠭ᠎ᠠ ᠣᠯᠠᠮ ᠶᠢᠡᠷ ᠮᠠᠭᠤᠳᠠᠭᠰᠠᠭᠠᠷ ᠡᠴᠦᠰ ᠲᠡᠭᠡᠨ ᠡᠪᠳᠡᠷᠡᠯ ᠪᠤᠯᠵᠤ᠂ ᠵᠡᠵᠢᠭᠡᠷ ᠦᠨᠳᠦᠷ ᠤᠨ ᠬᠠᠪᠴᠠᠭᠠᠢ ᠭᠡᠮᠡᠭᠦ ᠭᠠᠵᠠᠷ ᠰᠢᠷᠦᠭᠦᠨ ᠬᠤᠤᠠᠬᠤᠯᠳᠤᠭᠠᠨ ᠪᠣᠯᠪᠠᠢ᠃ ᠸᠠᠩ ᠬᠠᠨ ᠭᠦᠪᠠᠭᠦᠨ ᠰᠡᠩᠭᠦᠮ ᠤᠨ ᠬᠠᠮᠳᠤ ᠪᠦᠰᠡᠯᠡᠯᠳᠡ ᠶᠢ ᠰᠦᠨᠢ ᠪᠠᠷ ᠰᠢᠪᠳᠤᠯᠤᠨ ᠭᠠᠷᠤᠭᠠᠤᠨ ᠳᠢᠳᠢᠭ᠌ ᠰᠠᠬᠠᠯ ᠤᠨ ᠨᠡᠭᠦᠨ ᠣᠰᠤ ᠭᠡᠮᠡᠭᠦ ᠭᠠᠵᠠᠷ᠎ᠠ ᠨᠢ᠋ᠮᠠᠨ ᠤ ᠬᠠᠷᠠᠭᠤᠯ ᠳᠤ ᠠᠯᠠᠭᠳᠠᠵᠠᠢ᠃ ᠸᠠᠩ ᠬᠠᠨ ᠤ ᠳᠡᠭᠦᠤ ᠵᠠᠬᠠᠭᠤᠮᠪᠣ ᠴᠥᠭᠡᠨ ᠪᠠᠶᠠᠰ ᠬᠠᠨᠢᠳᠠᠨ ᠶᠢᠡᠨ ᠠᠪᠴᠤ ᠨᠢ᠋ᠮᠠᠨ ᠤ ᠳᠠᠶᠠᠨ ᠬᠠᠨ ᠳᠤ ᠨᠠᠢ᠌ᠯᠠᠷ᠎ᠠ ᠤᠳᠪᠠᠢ᠃ ᠰᠡᠩᠭᠦᠮ ᠪᠠᠷᠠᠭᠤᠠᠰᠢ ᠳᠠᠩᠭ᠋ᠤᠳ ᠢ ᠳᠠᠮᠵᠢᠨ ᠰᠠᠷᠳᠠᠭᠤᠯ ᠤᠨ ᠭᠠᠵᠠᠷ ᠭᠦᠷᠦᠭᠡᠤᠨ ᠳᠠᠠᠳᠠ ᠡᠡᠯᠡᠭᠳᠡᠵᠡᠢ᠃ ᠡᠷᠳᠡᠨ ᠡᠴᠡ ᠨᠠᠷ᠎ᠠ ᠴᠤᠤ ᠲᠡᠶ ᠭᠡᠷᠡᠢ᠌ᠤᠨ ᠠᠢ᠌ᠮᠠᠭ ᠡᠴᠦᠰ ᠲᠡᠭᠡᠨ ᠳᠠᠮᠤᠵᠢᠨ ᠳᠤ ᠪᠦᠷᠢᠮᠦᠰᠤᠨ ᠡᠷᠭᠡᠰᠢᠶᠡᠭ᠍ᠳᠡᠵᠡᠢ᠃

1204 ᠣᠨ (ᠭᠦᠭᠡ ᠬᠤᠯᠤᠭᠠᠨ᠎ᠠ ᠵᠢᠯ᠂ ᠠᠯᠳᠠᠨ ᠣᠯᠤᠰ ᠤᠨ ᠲᠡᠶ ᠾᠧ ᠶᠢᠨ ᠳᠦᠳᠦᠭᠡᠷ ᠡᠤᠨ᠂ ᠡᠮᠦᠨᠡᠳᠤ ᠰᠦᠩ ᠣᠯᠤᠰ ᠤᠨ ᠵᠢᠶᠠ ᠲᠡᠶ ᠶᠢᠨ ᠳᠦᠳᠦᠭᠡᠷ ᠣᠨ)᠄

ᠲ᠋ᠠᠮᠤᠵᠢᠨ ᠳᠦᠴᠢᠨ ᠭᠤᠷᠪᠠᠨ ᠨᠠᠰᠤᠳᠠᠢ᠃ ᠮᠦᠨ ᠣᠨ ᠤ ᠵᠤᠨ ᠤ ᠳᠡᠷᠢᠭᠦᠨ ᠰᠠᠷ᠎ᠠ ᠶᠢᠨ ᠠᠷᠪᠠᠨ ᠵᠢᠷᠭᠤᠭᠠᠨ᠎ᠠ ᠳᠠᠮᠤᠵᠢᠨ ᠳᠤᠭ ᠰᠠᠴᠤᠭᠠᠤᠨ ᠬᠠᠯᠬ᠎ᠠ ᠭᠤᠤᠯ ᠤᠨ ᠳᠡᠷᠭᠡᠳᠡ ᠡᠴᠡ ᠨᠢ᠋ᠮᠠᠨ ᠠᠢ᠌ᠮᠠᠭ ᠵᠥᠭ᠌ ᠮᠤᠷᠢᠯᠠᠪᠠ᠃ ᠲ᠋ᠠᠮᠤᠵᠢᠨ ᠤ ᠳᠠᠢ᠌ᠴᠢᠯᠠᠭᠰᠠᠨ ᠴᠡᠷᠢᠭ᠌ ᠨᠢ᠋ᠮᠠᠨ ᠤ ᠳᠠᠶᠠᠨ ᠬᠠᠨ ᠤ ᠴᠡᠷᠢᠭ᠌ ᠲᠡᠶ ᠠᠯᠳᠠᠢ ᠶᠢᠨ ᠥᠯᠭᠡ ᠨᠠᠬᠤ ᠬᠤᠨ ᠳᠤ ᠰᠢᠷᠦᠭᠦᠨ ᠬᠤᠤᠠᠬᠤᠯᠳᠤᠭᠠᠨ ᠪᠣᠯᠤᠭᠠᠤᠨ᠂ ᠲ᠋ᠠᠶᠠᠨ ᠬᠠᠨ ᠰᠢᠷᠬᠠᠳᠤᠵᠤ ᠮᠦᠨ ᠳᠠᠠᠳᠠ ᠥᠭᠦᠪᠠᠢ᠃ ᠲ᠋ᠡᠶᠡᠨ ᠬᠠᠨ ᠤ ᠭᠦᠪᠠᠭᠦᠨ ᠭᠦᠴᠦᠯᠦᠭ᠌ ᠬᠠᠨ ᠣᠢ᠌ᠭᠤᠷᠳᠠᠢ ᠬᠠᠷᠯᠤᠰ ᠤᠳ ᠢ ᠳᠠᠭᠠᠷᠢᠨ ᠬᠠᠷ᠎ᠠ ᠭᠢᠳᠠᠨ ᠣᠯᠤᠰ ᠤᠨ ᠭᠦᠷ ᠬᠠᠨ ᠳᠤ ᠨᠠᠢ᠌ᠯᠠᠨ ᠣᠤᠠᠴᠤᠬᠤᠢ᠃ ᠨᠢ᠋ᠮᠠᠨ ᠠᠢ᠌ᠮᠠᠭ ᠬᠤᠷᠢᠶᠠᠮᠵᠢᠯᠠᠭᠳᠠᠰᠠᠨ ᠤ ᠳᠠᠷᠠᠭ᠎ᠠ᠂ ᠲ᠋ᠠᠠᠳᠠ ᠵᠠᠮᠤᠬ᠎ᠠ ᠲᠡᠶ ᠬᠠᠮᠳᠤ ᠪᠠᠢ᠌ᠭᠰᠠᠨ ᠳᠦᠷᠪᠡᠨ᠂ ᠬᠠᠳᠠᠭᠢᠨ᠂ ᠰᠠᠯᠵᠢᠭᠤᠳ᠂ ᠬᠤᠩᠭᠢᠷᠠᠤᠨ᠂ ᠵᠢᠴᠢ ᠵᠠᠳᠠᠷᠠᠨ ᠵᠡᠷᠭᠡ ᠠᠢ᠌ᠮᠠᠭ ᠳᠠᠮᠤᠵᠢᠨ ᠳᠤ ᠳᠠᠭᠠᠷ᠎ᠠ ᠢᠷᠡᠵᠦᠭᠦᠢ᠃

ᠪᠠᠰᠠ ᠮᠦᠨ ᠣᠨ᠎ᠠ᠂ ᠲ᠋ᠠᠮᠤᠵᠢᠨ ᠪᠠᠭᠤᠵᠤ ᠦᠭ‍ᠭᠦᠭ᠍ᠰᠡᠨ ᠭᠡᠰᠡᠭ᠌ ᠮᠠᠷᠡᠢ᠌ᠳ ᠤᠨ ᠣᠷᠪᠠᠯᠭᠠᠨ ᠢ ᠳᠠᠷᠤᠩᠭ᠋ᠣᠢ᠌ᠯᠠᠨ ᠠᠪᠣᠭᠠᠤᠨ᠂ ᠲ᠋ᠤᠭᠳᠠᠭ᠎ᠠ ᠶᠢᠨ ᠭᠦᠪᠠᠭᠦᠨ ᠬᠤᠳᠤ ᠶᠢᠨ ᠭᠡᠷᠭᠡᠢ ᠳᠦᠷᠭᠡᠨ᠎ᠡ ᠬᠠᠳᠤᠨ ᠢ ᠥᠭᠡᠳᠡᠢ ᠳᠤ ᠬᠠᠳᠤᠨ ᠪᠣᠯᠭᠠᠨ ᠥᠭ᠍ᠪᠠᠢ᠃ ᠡᠦᠬᠠᠰ ᠮᠠᠷᠡᠢ᠌ᠳ ᠤᠨ ᠳᠠᠢ᠌ᠷ ᠤᠰᠤᠨ ᠬᠤᠯᠠᠨ ᠨᠠᠷᠠᠳᠤ ᠦᠬᠢᠨ ᠶᠢᠡᠨ ᠳᠠᠮᠤᠵᠢᠨ ᠳᠤ ᠬᠠᠳᠤᠨ ᠪᠣᠯᠭᠠᠨ ᠭᠦᠷᠭᠡᠵᠤ ᠢᠷᠠᠪᠠᠢ᠃

1205 ᠣᠨ (ᠭᠦᠭᠡᠭ᠍ᠴᠢᠨ ᠥᠭᠡᠷ ᠵᠢᠯ᠂ ᠠᠯᠳᠠᠨ ᠣᠯᠤᠰ ᠤᠨ ᠲᠡᠶ ᠾᠧ ᠶᠢᠨ ᠳᠠᠪᠣᠳᠤᠭᠠᠷ ᠡᠤᠨ᠂ ᠡᠮᠦᠨᠡᠳᠤ ᠰᠦᠩ ᠣᠯᠤᠰ ᠤᠨ ᠺᠠᠢ ᠰᠢ ᠶᠢᠨ ᠳᠡᠷᠢᠭᠦᠨ ᠣᠨ)᠄

ᠲ᠋ᠠᠮᠤᠵᠢᠨ ᠳᠦᠴᠢᠨ ᠳᠦᠷᠪᠡᠨ ᠨᠠᠰᠤᠳᠠᠢ᠃ ᠮᠦᠨ ᠣᠨ᠎ᠠ᠂ ᠲ᠋ᠠᠮᠤᠵᠢᠨ ᠠᠩᠬ᠎ᠠ ᠣᠳᠠᠭ᠎ᠠ ᠳᠠᠩᠭ᠋ᠤᠳ ᠣᠯᠤᠰ ᠲᠤ ᠮᠤᠷᠢᠯᠠᠵᠤ ᠳᠠᠠᠳᠠ ᠡᠴᠡ ᠣᠯᠠᠨ ᠳᠡᠮᠡᠭᠡᠤᠨ ᠣᠯᠵᠠᠯᠠᠨ ᠪᠣᠴᠠᠪᠠᠢ᠃

ᠪᠠᠰᠠ ᠮᠦᠨ ᠣᠨ᠎ᠠ ᠵᠠᠮᠤᠬ᠎ᠠ ᠳᠠᠪᠤᠨ ᠨᠥᠭᠦᠤᠨ ᠲᠡᠭᠡᠨ ᠪᠠᠷᠢᠭᠳᠠᠵᠤ ᠳᠠᠮᠤᠵᠢᠨ ᠳᠤ ᠭᠦᠷᠭᠡᠭ᠍ᠳᠡᠵᠤ ᠢᠷᠠᠪᠠᠢ᠃ ᠲ᠋ᠠᠮᠤᠵᠢᠨ ᠳᠡᠭᠦᠨ ᠢ ᠴᠢᠰᠤ ᠦᠯᠦ ᠭᠠᠷᠭᠠᠨ ᠠᠯᠠᠭᠤᠯᠪᠠ᠃

1206 ᠣᠨ (ᠣᠯᠠᠭᠠᠨ ᠪᠠᠷᠰ ᠵᠢᠯ᠂ ᠠᠯᠳᠠᠨ ᠣᠯᠤᠰ ᠤᠨ ᠲᠡᠶ ᠾᠧ ᠶᠢᠨ ᠵᠢᠷᠭᠤᠳᠤᠭᠠᠷ ᠡᠤᠨ᠂ ᠡᠮᠦᠨᠡᠳᠤ ᠰᠦᠩ ᠣᠯᠤᠰ ᠤᠨ ᠺᠠᠢ ᠰᠢ ᠶᠢᠨ ᠬᠤᠶᠠᠳᠤᠭᠠᠷ ᠣᠨ)᠄

ᠲ᠋ᠠᠮᠤᠵᠢᠨ ᠳᠦᠴᠢᠨ ᠳᠠᠪᠤᠨ ᠨᠠᠰᠤᠳᠠᠢ᠃ ᠮᠦᠨ ᠣᠨ᠎ᠠ᠂ ᠲ᠋ᠠᠮᠤᠵᠢᠨ ᠮᠤᠩᠭ᠋ᠤᠯ ᠤᠨ ᠥᠡᠳᠦᠷᠯᠢᠭ᠌ ᠳᠠᠭᠢ ᠳᠠᠷᠬᠠᠢ ᠪᠣᠳᠠᠷᠬᠠᠢ ᠣᠯᠠᠨ ᠢᠰᠡᠭᠡᠢ ᠳᠤᠭᠤᠷᠭᠠᠳᠠᠨ ᠨᠡᠭᠦᠳᠡᠯᠴᠢᠨ ᠣᠪᠣᠭ ᠠᠢ᠌ᠮᠠᠭ ᠤᠳ ᠢ ᠭᠠᠭᠴᠠ ᠵᠢᠯᠤᠭᠤᠨ᠎ᠠ ᠬᠤᠷᠢᠶᠠᠨ ᠨᠢᠭᠡᠤᠨᠭᠡᠭᠡᠤᠨ ᠣᠨᠤᠨ ᠮᠦᠷᠠᠨ ᠤ ᠡᠭᠢᠨ᠎ᠡ᠂ ᠶ‍ᠢᠰᠤᠨ ᠭᠦᠯᠳᠤ ᠴᠠᠭᠠᠨ ᠳᠤᠭ ᠪᠠᠢ᠌ᠭᠤᠯᠵᠤ ᠶᠡᠭᠡ ᠣᠷᠤ ᠰᠠᠭᠤᠪᠠᠢ᠃ ᠬᠠᠭᠠᠨ ᠤ ᠴᠤᠯᠠ ᠵᠢ 《ᠴᠢᠩᠭᠢᠰ》 ᠬᠠᠭᠠᠨ ᠭᠡᠮᠡᠨ ᠡᠷᠭᠦᠮᠵᠢᠯᠡᠵᠤ ᠣᠯᠤᠰ ᠤᠨ ᠴᠤᠯᠠ ᠵᠢ 《ᠶᠡᠭᠡ ᠮᠤᠩᠭ᠋ᠤᠯ ᠤᠯᠦᠰ》 ᠭᠡᠮᠡᠨ ᠨᠡᠷᠡᠯᠡᠵᠦᠭᠦᠢ᠃

1207 ᠣᠨ (ᠣᠯᠠᠭᠴᠢᠨ ᠳᠠᠤᠯᠠᠢ ᠵᠢᠯ᠂ ᠴᠢᠩᠭᠢᠰ ᠬᠠᠭᠠᠨ ᠤ ᠬᠤᠶᠠᠳᠤᠭᠠᠷ ᠣᠨ᠂ ᠠᠯᠳᠠᠨ ᠣᠯᠤᠰ ᠤᠨ ᠲᠡᠶ ᠾᠧ ᠶᠢᠨ ᠳᠤᠯᠤᠳᠤᠭᠠᠷ ᠡᠤᠨ᠂ ᠡᠮᠦᠨᠡᠳᠤ ᠰᠦᠩ ᠣᠯᠤᠰ ᠤᠨ ᠺᠠᠢ ᠰᠢ ᠵᠢᠨ ᠭᠤᠳᠠᠭᠠᠷ ᠣᠨ)᠄

ᠡᠨᠡ ᠵᠢᠯ ᠴᠢᠩᠭᠢᠰ ᠬᠠᠭᠠᠨ ᠨᠠᠰᠤᠨ ᠰᠡᠭᠦᠳᠡᠷ ᠳᠦᠴᠢᠨ ᠵᠢᠷᠭᠤᠭ᠎ᠠ ᠲᠡᠶ᠃ ᠴᠢᠩᠭᠢᠰ ᠬᠠᠭᠠᠨ ᠠᠬᠠᠮᠠᠤᠨ ᠭᠦᠪᠠᠭᠦᠨ ᠵᠤᠴᠢ ᠳᠤ ᠪᠠᠷᠠᠭᠤᠨ ᠭᠠᠷᠤᠨ ᠴᠡᠷᠢᠭ᠌ ᠢ ᠵᠠᠭᠢᠷᠠᠭᠤᠯᠤᠨ ᠣᠢ ᠶᠢᠨ ᠢᠷᠭᠡᠤᠨ ᠲᠤ ᠠᠶᠠᠯᠠᠭᠤᠯᠪᠠᠢ᠃  ᠵᠤᠴᠢ ᠣᠢ᠌ᠷᠠᠤᠨ ᠤᠨ ᠨᠤᠳᠤᠭ ᠭᠦᠷᠦᠭ᠍ᠰᠡᠨ᠎ᠡ᠂ ᠥᠢᠷᠡᠳ ᠤᠨ ᠨᠤᠶᠠᠨ ᠬᠤᠳᠤᠬ᠎ᠠ ᠪᠠᠭᠢ ᠡᠩ ᠳᠡᠷᠢᠭᠦᠨ᠎ᠡ ᠵᠤᠴᠢ ᠳᠤ ᠳᠠᠭᠠᠷ᠎ᠠ ᠢᠷᠠᠪᠠᠢ ᠳᠠᠩᠨᠤ ᠣᠷᠢᠶᠠᠩᠬᠠᠢ ᠳᠤ ᠨᠤᠳᠤᠭ ᠲᠡᠶ ᠭᠢᠷᠭᠢᠰ ᠤᠨ ᠨᠤᠶᠠᠨ ᠡᠳᠢ ᠢᠨᠠᠯ ᠨᠡᠷ᠃ ᠪᠠᠰᠠ ᠴᠠᠭᠠᠨ ᠠᠭᠳᠠᠰ ᠡᠷᠭᠦᠵᠤ ᠵᠤᠴᠢ ᠳᠤ ᠢᠷᠠᠵᠤ ᠨᠠᠢ᠌ᠷᠠᠮᠳᠠᠪᠠᠢ᠃

ᠮᠦᠨ ᠣᠨ᠎ᠠ ᠂ ᠴᠢᠩᠭᠢᠰ ᠬᠠᠭᠠᠨ ᠣᠢ᠌ᠷᠠᠤᠨ ᠤᠨ ᠬᠤᠳᠤᠭ᠎ᠠ ᠪᠠᠭᠢ ᠲᠦᠮᠡᠨ ᠣᠢ᠌ᠷᠠᠤᠨ ᠶᠢᠡᠨ ᠣᠳᠤᠷᠢᠳᠤᠨ ᠨᠠᠢ᠌ᠷᠠᠮᠳᠠᠨ ᠢᠷᠡᠭ᠍ᠰᠡᠨ ᠭᠡᠮᠡᠨ ᠴᠡᠴᠡᠢ᠌ᠭᠡᠨ ᠭᠦᠩᠵᠤ ᠶᠢ ᠳᠡᠭᠦᠨ ᠤ ᠭᠦᠪᠠᠭᠦᠨ ᠢᠨᠠᠯᠴᠢ ᠳᠤ ᠥᠭ᠍ᠴᠤ ᠵᠤᠴᠢ ᠶᠢᠨ ᠦᠬᠢᠨ ᠬᠤᠯᠣᠢ᠌ᠬᠠᠨ ᠢ ᠢᠨᠠᠯᠴᠢ ᠶᠢᠨ ᠠᠬ᠎ᠠ ᠲᠦᠷᠦᠯᠴᠢ ᠳᠤ ᠬᠠᠳᠤᠨ ᠪᠣᠯᠭᠠᠨ ᠥᠭ᠍ᠪᠠᠢ᠃

ᠪᠠᠰᠠ ᠮᠦᠨ ᠣᠨ᠎ᠠ᠂ ᠴᠢᠩᠭᠢᠰ ᠬᠠᠭᠠᠨ ᠳᠠᠩᠭ᠋ᠤᠳ ᠣᠯᠤᠰ ᠲᠤ ᠬᠤᠶᠠᠳᠠᠭᠢ ᠤᠳᠡᠭ᠎ᠠ ᠠᠶᠠᠯᠠᠵᠤ ᠣᠷᠠᠬᠠᠢ ᠬᠤᠳᠠ ᠶᠢ ᠪᠠᠢ᠌ᠯᠳᠤᠨ ᠠᠪᠣᠪᠠᠢ᠃

1209 ᠣᠨ (ᠰᠢᠷᠠᠭᠴᠢᠨ ᠮᠤᠭᠠᠢ ᠵᠢᠯ ᠂ ᠴᠢᠩᠭᠢᠰ ᠬᠠᠭᠠᠨ ᠤ ᠳᠦᠳᠦᠭᠡᠷ ᠣᠨ᠂ ᠠᠯᠳᠠᠨ ᠣᠯᠤᠰ ᠤᠨ ᠳ᠋ᠠ ᠠᠨ ᠤ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠬᠤᠶᠠᠳᠤᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠦᠴᠢᠨ ᠨᠢ᠋ᠮᠠᠳᠠᠢ᠃ ᠮᠦᠨ ᠣᠨ ᠤ ᠬᠠᠪᠣᠷ ᠣᠢ᠌ᠭᠤᠷ ᠤᠨ ᠢᠳᠤᠭ ᠬᠤᠳ᠂ ᠪᠠᠷᠵᠤᠭ ᠊᠊᠊᠊᠊᠊᠊᠊᠊᠊᠊᠊᠊᠊᠊ ᠠᠷᠳᠭᠢᠨ ᠴᠢᠩᠭᠢᠰ ᠬᠠᠭᠠᠨ ᠤ ᠡᠯᠴᠢᠨ ᠤ ᠬᠠᠷᠢᠭᠤ ᠳᠤ ᠠᠳᠭᠢᠷᠠᠭ᠂ ᠲ᠋ᠠᠷᠪᠠᠢ ᠨᠠᠷᠠᠳᠤ ᠬᠤᠶᠠᠷ ᠡᠯᠴᠢᠨ ᠢ ᠴᠢᠩᠭᠢᠰ ᠬᠠᠭᠠᠨ᠎ᠠ ᠳᠤᠮᠢᠯᠠᠨ ᠢᠷᠡᠭᠦᠯᠵᠤ ᠪᠠᠶ᠎ᠡ ᠪᠠᠷ ᠲᠠᠭᠠᠨ ᠭᠦᠴᠤ ᠪᠠᠷᠢᠬᠤ ᠰᠠᠨᠠᠭ᠎ᠠ ᠪᠠᠨ ᠨᠡᠪᠳᠡᠷᠡᠭᠦᠯᠤᠨ ᠢᠯᠡᠳᠭᠡᠪᠠᠢ᠃

1210 ᠣᠨ (ᠴᠠᠭᠠᠨ ᠮᠤᠷᠢᠨ ᠵᠢᠯ ᠂ ᠴᠢᠩᠭᠢᠰ ᠬᠠᠭᠠᠨ ᠊ᠤ ᠲ᠋ᠠᠪᠣᠳᠤᠭᠠᠷ ᠣᠨ᠂ ᠠᠯᠳᠠᠨ ᠣᠯᠤᠰ ᠤᠨ ᠳ᠋ᠠ ᠠᠨ ᠤ ᠬᠤᠶᠠᠳᠤᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠭᠤᠳᠠᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠦᠴᠢᠨ ᠶ‍ᠢᠰᠤᠳᠠᠢ᠃ ᠮᠦᠨ ᠣᠨ ᠤ ᠨᠠᠮᠤᠷ ᠴᠢᠩᠭᠢᠰ ᠬᠠᠭᠠᠨ ᠳᠠᠩᠭ᠋ᠤᠳ ᠣᠯᠤᠰ ᠣᠷᠤᠭᠤ ᠴᠡᠷᠢᠭᠯᠡᠨ ᠣᠷᠤᠭᠰᠠᠨ᠎ᠠ᠂ ᠲ᠋ᠠᠩᠭ᠋ᠤᠳ ᠤᠨ ᠡᠵᠡᠨ ᠭᠦᠩᠵᠤ ᠪᠠᠨ ᠡᠷᠭᠦᠵᠤ ᠨᠠᠢ᠌ᠷᠠᠮᠳᠠᠪᠠᠢ᠃

1211 ᠣᠨ (ᠴᠠᠭᠠᠭᠴᠢᠨ ᠬᠤᠨᠢᠨ ᠵᠢᠯ ᠂ ᠴᠢᠩᠭᠢᠰ ᠬᠠᠭᠠᠨ ᠤ ᠵᠢᠷᠭᠤᠳᠤᠭᠠᠷ ᠣᠨ᠂ ᠠᠯᠳᠠᠨ ᠣᠯᠤᠰ ᠤᠨ ᠳ᠋ᠠ ᠠᠨ ᠤ ᠭᠤᠳᠠᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠳᠦᠳᠦᠭᠡᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠠᠪᠢ ᠲᠡᠶ᠃ ᠮᠦᠨ ᠣᠨ ᠤ ᠬᠠᠪᠣᠷ ᠴᠢᠩᠭᠢᠰ ᠬᠠᠭᠠᠨ ᠭᠤᠪᠢ ᠶᠢᠨ ᠠᠷᠤ ᠡᠴᠡ ᠴᠡᠷᠢᠭ᠌ ᠳᠠᠢ᠌ᠴᠢᠯᠠᠨ ᠵᠦᠷᠴᠢᠨ ᠤ ᠠᠯᠳᠠᠨ ᠣᠯᠤᠰ ᠣᠷᠤᠭᠤ ᠳᠠᠭᠠᠷᠢᠨ ᠣᠷᠤᠪᠠᠢ᠃

1212 ᠣᠨ (ᠬᠠᠷ᠎ᠠ ᠪᠠᠴᠢᠨ ᠵᠢᠯ ᠂ ᠴᠢᠩᠭᠢᠰ ᠬᠠᠭᠠᠨ ᠊ᠤ ᠲ᠋ᠤᠯᠤᠳᠤᠭᠠᠷ ᠣᠨ᠂ ᠠᠯᠳᠠᠨ ᠣᠯᠤᠰ ᠊ᠤᠨ ᠼᠤᠩ ᠴᠢᠩ ᠤᠨ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠳᠠᠪᠣᠳᠤᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠠᠪᠢᠨ ᠨᠢᠭᠡ ᠲᠡᠶ᠃ ᠮᠤᠩᠭ᠋ᠤᠯ ᠴᠡᠷᠢᠭ᠌ ᠥᠨᠡᠭᠡᠨ ᠳᠠᠪᠠᠭ᠎ᠠ ᠶᠢ ᠳᠠᠪᠠᠵᠤ᠂ ᠴᠢᠨᠠᠭᠰᠢ ᠴᠠᠪᠴᠢᠶᠠᠯ ᠤᠨ ᠪᠣᠭᠤᠮᠳᠠ ᠶᠢ ᠰᠠᠭᠢᠵᠤ ᠪᠠᠢ᠌ᠭᠰᠠᠨ ᠠᠯᠳᠠᠨ ᠣᠯᠤᠰ ᠤᠨ ᠭᠤᠴᠢᠨ ᠲᠦᠮᠡᠨ ᠰᠢᠯᠢᠳᠡᠭ᠌ ᠴᠡᠷᠢᠭ᠌ ᠢ ᠰᠥᠨᠦᠭᠡᠨ᠂ ᠰᠢᠭᠤᠳ ᠵᠦᠩᠳᠤ ᠪᠠᠯᠭᠠᠰᠤᠨ ᠣᠷᠤᠭᠤ ᠴᠡᠷᠢᠭᠯᠡᠨ ᠣᠷᠤᠪᠠᠢ᠃

1213 ᠣᠨ (ᠬᠠᠷᠠᠭᠴᠢᠨ ᠳᠠᠭᠢᠶ᠎ᠠ ᠵᠢᠯ ᠂ ᠴᠢᠩᠭᠢᠰ ᠬᠠᠭᠠᠨ ᠤ ᠨᠢ᠋ᠮᠠᠳᠤᠭᠠᠷ ᠣᠨ᠂ ᠠᠯᠳᠠᠨ ᠣᠯᠤᠰ ᠤᠨ ᠵᠧᠨ ᠢᠤ ᠶᠢᠨ ᠳᠡᠷᠢᠭᠦᠨ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠵᠢᠷᠭᠤᠳᠤᠭᠠᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠠᠪᠢᠨ ᠬᠤᠶᠠᠷ ᠲᠡᠶ᠃ ᠴᠢᠩᠭᠢᠰ ᠬᠠᠭᠠᠨ ᠶᠡᠭᠡ ᠴᠡᠷᠢᠭ᠌ ᠢ ᠭᠤᠷᠪᠠᠨ ᠵᠠᠮ ᠬᠤᠪᠢᠶᠠᠨ ᠬᠠᠳᠤᠨ ᠭᠤᠤᠯ ᠡᠴᠡ ᠣᠮᠠᠷᠠᠳᠠᠭᠢ ᠠᠯᠳᠠᠨ ᠣᠯᠤᠰ ᠤᠨ ᠬᠤᠳᠠ ᠪᠠᠯᠭᠠᠤᠨ ᠢ ᠪᠦᠰᠡᠯᠡᠨ ᠪᠠᠢ᠌ᠯᠳᠤᠭᠤᠯᠪᠠᠢ᠃

1214 ᠣᠨ (ᠭᠦᠭᠡ ᠨᠤᠬᠠᠢ ᠵᠢᠯ᠂ ᠴᠢᠩᠭᠢᠰ ᠬᠠᠭᠠᠨ ᠤ ᠶ‍ᠢᠰᠦᠳᠦᠭᠡᠷ ᠣᠨ᠂ ᠠᠯᠳᠠᠨ ᠣᠯᠤᠰ ᠤᠨ ᠵᠧᠨ ᠢᠤ ᠶᠢᠨ ᠬᠤᠶᠠᠳᠤᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠳᠤᠯᠤᠳᠤᠭᠠᠷ ᠣᠨ)᠄

ᠮᠦᠨ ᠣᠨ᠎ᠠ᠂ ᠴᠢᠩᠭᠢᠰ ᠬᠠᠭᠠᠨ ᠠᠯᠳᠠᠨ ᠣᠯᠤᠰ ᠤᠨ ᠨᠠᠢ᠌ᠰᠯᠠᠯ ᠵᠦᠩᠳᠤ ᠪᠠᠯᠭᠠᠰᠤᠨ ᠤ ᠳᠡᠷᠭᠡᠳᠡ ᠣᠷᠳᠤᠰ ᠪᠠᠭᠤᠳᠠᠯᠯᠠᠪᠠᠢ᠃ ᠠᠯᠳᠠᠨ ᠣᠯᠤᠰ ᠤᠨ ᠬᠠᠭᠠᠨ ᠴᠢᠩᠭᠢᠰ ᠬᠠᠭᠠᠨ᠎ᠠ ᠭᠦᠩᠵᠤ ᠨᠠᠷᠠᠳᠤ ᠦᠬᠢᠨ ᠶᠢᠡᠨ ᠥᠭ᠍ᠴᠤ᠂ ᠪᠠᠰᠡ ᠡᠯᠳᠡᠪ ᠡᠳ᠋ ᠠᠭᠤᠷᠰᠤᠨ ᠡᠷᠭᠦᠵᠤ ᠨᠠᠢ᠌ᠷᠠᠮᠳᠠᠬᠤ ᠶᠢ ᠭᠤᠶᠤᠭᠰᠠᠨ ᠳᠤ ᠴᠢᠩᠭᠢᠰ ᠬᠠᠭᠠᠨ ᠵᠦᠩᠳᠤ ᠪᠠᠯᠭᠠᠰᠤᠨ ᠡᠴᠡ ᠴᠡᠷᠢᠭ᠌ ᠢ ᠳᠠᠳᠠᠵᠤ ᠴᠠᠪᠴᠢᠶᠠᠯ ᠤᠨ ᠪᠣᠭᠤᠮᠳᠠ ᠶᠢᠨ ᠭᠠᠳᠠᠨ᠎ᠠ ᠪᠣᠴᠠᠪᠠᠢ᠃

ᠮᠦᠨ ᠣᠨ ᠤ ᠳᠠᠪᠤᠨ ᠰᠠᠷᠠᠳᠠ ᠠᠯᠳᠠᠨ ᠣᠯᠤᠰ ᠤᠨ ᠡᠵᠡᠨ ᠨᠠᠢ᠌ᠰᠯᠠᠯ ᠶᠢᠡᠨ ᠵᠦᠩᠳᠤ ᠪᠠᠯᠭᠠᠰᠤᠨ ᠡᠴᠡ ᠨᠠᠠᠵᠢᠩ ᠪᠠᠯᠭᠠᠰᠤᠨ (ᠣᠳᠤ ᠶᠢᠨ ᠾᠧ ᠨᠠᠨ ᠮᠤᠵᠢ ᠶᠢᠨ ᠺᠠᠢ ᠹᠸᠩ ᠬᠤᠳᠠ) ᠳᠤ ᠰᠢᠯᠵᠢᠭᠦᠯᠦᠭ᠍ᠰᠡᠨ᠎ᠡ᠂ ᠴᠢᠩᠭᠢᠰ ᠬᠠᠭᠠᠨ ᠠᠯᠳᠠᠨ ᠣᠯᠤᠰ ᠤᠨ ᠡᠵᠡᠨ 《ᠡᠶ᠎ᠡ ᠪᠠᠷ ᠨᠠᠮᠢ᠋ᠢ ᠬᠠᠭᠤᠷᠴᠤᠬᠤᠢ》 ᠭᠡᠮᠡᠨ ᠠᠯᠳᠠᠨ ᠣᠯᠤᠰ ᠣᠷᠤᠭᠤ ᠬᠤᠶᠠᠳᠠᠭᠢ ᠣᠳᠠᠭ᠎ᠠ ᠮᠤᠷᠢᠯᠠᠪᠠᠢ᠃

1215 ᠣᠨ (ᠭᠦᠭᠡᠭ᠍ᠴᠢᠨ ᠭᠠᠬᠠᠢ ᠵᠢᠯ ᠂ ᠴᠢᠩᠭᠢᠰ ᠬᠠᠭᠠᠨ ᠤ ᠠᠷᠪᠠᠳᠤᠭᠠᠷ ᠣᠨ᠂ ᠠᠯᠳᠠᠨ ᠣᠯᠤᠰ ᠤᠨ ᠵᠧᠨ ᠢᠤ ᠶᠢᠨ ᠭᠤᠳᠠᠭᠠᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠨᠢ᠋ᠮᠠᠳᠤᠭᠠᠷ ᠣᠨ)᠄

ᠮᠤᠩᠭ᠋ᠤᠯ ᠴᠡᠷᠢᠭ᠌ ᠵᠦᠩᠳᠤ ᠪᠠᠯᠭᠠᠰᠤᠨ ᠢ ᠣᠳᠠᠳᠠᠯ᠎ᠠ ᠪᠦᠰᠡᠯᠡᠨ ᠪᠠᠢ᠌ᠯᠳᠤᠵᠤ ᠮᠦᠨ ᠣᠨ ᠤ ᠳᠠᠪᠤᠨ ᠰᠠᠷᠠᠳᠠ ᠪᠠᠢ᠌ᠯᠳᠤᠨ ᠠᠪᠣᠪᠠᠢ᠃ ᠴᠢᠩᠭᠢᠰ ᠬᠠᠭᠠᠨ ᠰᠢᠭᠢᠬᠤᠳᠤᠭ ᠳᠡᠷᠢᠭᠦᠳᠡᠨ ᠢ ᠳᠤᠮᠢᠯᠠᠨ ᠶᠠᠪᠣᠭᠤᠯᠵᠤ ᠵᠦᠩᠳᠤ ᠪᠠᠯᠭᠠᠰᠤᠨ ᠤ ᠡᠳ᠋ ᠠᠭᠤᠷᠰᠤᠨ ᠢ ᠰᠢᠯᠭᠠᠨ ᠦᠵᠡᠵᠤ ᠬᠠᠳᠠᠭᠠᠯᠠᠭᠤᠯᠪᠠᠢ᠃

ᠪᠠᠰᠠ ᠮᠦᠨ ᠤᠨ᠎ᠡ᠂ ᠶ‍ᠧ ᠯᠢᠤᠢ ᠴᠦ᠋ ᠼᠠᠢ ᠴᠢᠩᠭᠢᠰ ᠬᠠᠭᠠᠨ ᠳᠤ ᠳᠠᠭᠠᠷ᠎ᠠ ᠢᠷᠠᠪᠠᠢ᠃

1216 ᠣᠨ (ᠣᠯᠠᠭᠠᠨ ᠬᠤᠯᠤᠭᠠᠨ᠎ᠠ ᠵᠢᠯ ᠂ ᠴᠢᠩᠭᠢᠰ ᠬᠠᠭᠠᠨ ᠤ ᠠᠷᠪᠠᠨ ᠨᠢᠭᠡᠳᠦᠭᠡᠷ ᠣᠨ᠂ ᠠᠯᠳᠠᠨ ᠣᠯᠤᠰ ᠤᠨ ᠵᠧᠨ ᠢᠤ ᠶᠢᠨ ᠳᠦᠳᠦᠭᠡᠷ ᠡᠤᠨ᠂ ᠡᠮᠦᠨᠡᠳᠤ ᠰᠦᠩ ᠣᠯᠤᠰ ᠤᠨ ᠵᠢᠶᠠ ᠳ᠋ᠢᠩ ᠤᠨ ᠶ‍ᠢᠰᠦᠳᠦᠭᠡᠷ ᠣᠨ)᠄

ᠴᠢᠩᠭᠢᠰ ᠬᠠᠭᠠᠨ ᠨᠠᠰᠤᠨ ᠰᠡᠭᠦᠳᠡᠷ ᠳᠠᠪᠢᠨ ᠳᠠᠪᠣ ᠲᠡᠶ᠃ ᠴᠢᠩᠭᠢᠰ ᠬᠠᠭᠠᠨ ᠠᠯᠳᠠᠨ ᠣᠯᠤᠰ ᠢ ᠥᠷᠭᠦᠯᠵᠢᠯᠡᠨ ᠳᠠᠢ᠌ᠯᠠᠬᠤ ᠶᠠᠪᠣᠳᠠᠯ ᠢ ᠭᠤᠢ ᠸᠠᠩ ᠮᠤᠬᠤᠯᠠᠢ ᠳᠤ ᠭᠠᠷᠳᠠᠨ ᠳᠤᠰᠢᠶᠠᠭᠠᠤᠨ᠂ ᠲ᠋ᠠᠷᠠ ᠪᠠᠷ ᠭᠡᠷᠦᠯᠤᠨ ᠭᠤᠤᠯ ᠤᠨ ᠳᠡᠷᠭᠡᠳᠡᠭᠢ ᠣᠷᠳᠤᠨ ᠳᠠᠭᠠᠨ ᠪᠣᠴᠠᠪᠠᠢ᠃

ᠳᠠᠷᠤᠮ᠄ 31642
ᠴᠠᠭ᠄ 2006 ᠤᠨ ᠤ 04 ᠰᠠᠷ᠎ᠠ ᠶᠢᠨ 16
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ