ᠨᠡᠪᠲᠡᠷᠡᠨ ᠤᠷᠤᠬᠤ
ᠵᠢᠷᠭᠤᠳᠤᠭᠠᠷ ᠪᠦᠯᠦᠭ ᠂ ᠰᠤᠶᠤᠯ ᠠᠬᠤᠢ ᠶᠢᠨ ᠵᠤᠬᠢᠴᠠᠯ
ᠬᠤᠶᠠᠳᠤᠭᠠᠷ ᠬᠡᠰᠡᠭ ᠂ ᠡᠬᠡ ᠬᠡᠯᠡᠨ ᠤ ᠰᠡᠷᠭᠦᠯᠲᠡ

ᠥᠭᠡ ᠭᠡᠯᠡ ᠪᠣᠯ ᠨᠢᠭᠡ ᠦᠨᠳᠦᠰᠦᠳᠠᠨ ᠤ ᠣᠷᠤᠰᠢᠨ ᠳᠤᠭᠳᠠᠨᠢᠬᠤ ᠪᠠᠯᠭᠡ ᠳᠡᠮᠳᠡᠭ᠌ ᠮᠦᠨ᠃


᠊᠊᠊᠊᠊᠊᠊᠊᠊᠊᠊᠊᠊᠊᠊᠊᠊᠊᠊᠊᠊᠊᠊᠊᠊᠊᠊ ᠡᠷᠳᠡᠮᠳᠡᠳ ᠤᠨ ᠰᠤᠷᠭᠠᠯ ᠥᠭᠡ


ᠣᠨ ᠳᠤᠭᠠᠯᠠᠯ ᠡᠴᠡ ᠡᠮᠦᠨ᠎ᠡ 70 ᠣᠨ ᠳᠤ᠂ ᠷᠤᠮ ᠤᠨ ᠴᠡᠷᠢᠭ᠌ ᠢᠪᠷᠠᠢ᠌ᠴᠤᠳ ᠤᠨ ᠰᠠᠭᠤᠷᠢᠰᠢᠯ ᠶ‍ᠸᠷᠦᠽᠠᠯᠧᠮ ᠬᠤᠳᠠ ᠶᠢ ᠡᠪᠳᠡᠵᠤ᠂ ᠠᠮᠢ ᠴᠦᠯᠠᠨ ᠡᠰᠡᠷᠭᠦᠴᠡᠭ᠍ᠰᠡᠨ ᠴᠡᠷᠢᠭ᠌ ᠠᠷᠠᠤᠨ ᠲᠤ ᠶᠡᠭᠡ ᠭᠢᠳᠤᠯᠭ᠎ᠠ ᠶᠠᠪᠣᠭᠤᠯᠤᠭᠰᠠᠨ ᠶᠢᠡᠷ᠂ ᠣᠳᠠᠰᠤᠨ ᠠᠮᠢ ᠲᠡᠶ ᠮᠤᠯᠳᠤᠷᠠᠭᠰᠠᠨ ᠨᠢᠭᠡ ᠪᠦᠯᠦᠭ᠌ ᠢᠪᠷᠠᠢ᠌ᠴᠤᠳ ᠣᠷᠴᠢᠨ ᠳᠤᠭᠤᠷᠢᠨ ᠤ ᠪᠠᠨ ᠣᠯᠤᠰ ᠣᠷᠤᠨ ᠶᠢᠡᠷ ᠳᠡᠨᠦᠭᠦᠯᠴᠢᠯᠡᠨ ᠬᠤᠷᠭᠤᠳᠠᠵᠤ ᠳᠤᠰ ᠣᠷᠤᠨ ᠤ ᠪᠠᠨ ᠥᠭᠡ ᠭᠡᠯᠡ ᠶᠢ ᠭᠡᠷᠡᠭᠯᠡᠭ᠍ᠰᠡᠨ ᠶᠢᠡᠷ᠂ ᠡᠭᠡ ᠭᠡᠯᠡ ᠰᠢᠪᠷᠠᠢ ᠭᠡᠯᠡ ᠨᠢ ᠠᠶᠠᠠᠳᠠᠭᠠᠨ ᠣᠷᠭᠢᠭᠳᠠᠵᠤ ᠰᠠᠭᠤᠷᠢᠰᠢᠯ ᠣᠷᠤᠨ ᠤ ᠪᠠᠨ ᠥᠭᠡ ᠭᠡᠯᠡᠨ ᠳᠤ ᠬᠠᠢ᠌ᠯᠤᠭᠳᠠᠭᠠᠤᠨ ᠡᠨᠡᠭᠦ ᠣᠢ᠌ᠯᠠ ᠵᠤᠪᠠᠯᠠᠩ ᠶᠡᠭᠡᠳᠡᠢ ᠦᠨᠳᠦᠰᠦᠳᠠᠨ ᠮᠥᠭᠦᠨ ᠰᠥᠨᠦᠭᠦ ᠠᠶᠤᠯ ᠳᠤ ᠳᠤᠯᠭᠠᠷᠠᠯ᠎ᠠ᠃

ᠨᠢᠭᠡ ᠦᠨᠳᠦᠰᠦᠳᠠᠨ ᠤ ᠬᠤᠪᠢ ᠪᠠᠷ ᠪᠦᠮᠪᠦᠷᠴᠡᠭ᠌ ᠤᠨ ᠭᠦᠷᠦᠰᠤᠨ ᠳᠤ ᠳᠤᠭᠳᠠᠨᠢᠬᠤ ᠳᠤ᠂ ᠥᠭᠡ ᠭᠡᠯᠡ ᠥᠰᠦᠭ᠌ ᠪᠢᠴᠢᠭ᠌ ᠶᠢᠡᠨ ᠠᠯᠳᠠᠬᠤ ᠭᠡᠭ᠍ᠴᠢ ᠬᠠᠮᠤᠭ ᠭᠤᠨᠢᠭᠳᠠᠢ ᠶᠠᠪᠣᠳᠠᠯ ᠪᠠᠢ᠌ᠵᠤ᠂ ᠣᠭᠰᠠᠭ᠎ᠠ ᠬᠠᠢ᠌ᠯᠵᠤ ᠦᠨᠳᠦᠰᠦᠳᠠᠨ ᠪᠠᠯᠠᠷᠠᠬᠤ ᠭᠡᠳᠡᠭ᠌ ᠨᠢ ᠳᠣᠢ᠌ᠯ ᠤᠨ ᠭᠤᠳᠤᠮᠰᠢᠭ ᠲᠡᠶ ᠭᠡᠷᠡᠭ᠌ ᠪᠠᠢ᠌ᠪᠠ᠃ ᠡᠨᠡ ᠳᠦᠭ᠍ᠰᠢᠭᠦᠷᠢᠳᠡᠢ ᠦᠶ᠎ᠡ ᠳᠤ᠂ ᠶ‍ᠸᡁᠦ᠋ᠳ᠋ ᠭᠡᠭ᠍ᠴᠢ ᠢᠪᠷᠠᠢ ᠵᠠᠯᠠᠭᠤ ᠶᠢᠨ ᠦᠨᠳᠦᠰᠦᠳᠠᠨ ᠶᠢᠡᠨ ᠠᠪᠣᠷᠠᠬᠤ ᠬᠠᠯᠠᠭᠤᠨ ᠴᠢᠰᠤ ᠣᠷᠭᠢᠯᠤᠨ ᠪᠣᠴᠠᠯᠵᠤ᠂ ᠪᠦᠭᠦ ᠭᠡᠷ ᠶᠢᠡᠨ ᠠᠪᠣᠭᠠᠤᠨ 1881 ᠣᠨ ᠳᠤ ᠫᠠᠯᠸᠰᠲ᠋ᠧᠨ ᠤ ᠢᠪᠷᠠᠢ᠌ᠴᠤᠳ ᠳᠦᠪᠯᠡᠷᠡᠭ᠍ᠰᠡᠨ ᠣᠷᠤᠨ ᠳᠤ ᠨᠡᠭᠦᠨ ᠣᠴᠢᠵᠤ᠂ ᠣᠢ᠌ᠯᠠᠤᠠᠪᠣᠷᠢ ᠠᠭᠤᠷᠬᠠᠢ ᠪᠠᠷ ᠭᠦᠡᠵᠡᠭᠡᠢ᠌ᠷᠡᠨ 《ᠪᠣᠰᠤᠳ ᠦᠨᠳᠦᠰᠦᠳᠠᠨ ᠤ ᠳᠠᠷᠤᠯᠠᠯ ᠡᠴᠡ ᠠᠩᠭᠢᠵᠢᠷᠠᠶ᠎ᠠ ᠭᠡᠪᠠᠯ ᠵᠠᠪᠠᠯ ᠦᠪᠡᠷ ᠶᠢᠡᠨ ᠭᠦᠴᠦᠷᠭᠡᠭ᠍ᠵᠢᠭᠦ ᠭᠡᠷᠡᠭ᠍ᠳᠡᠢ᠂ ᠭᠦᠴᠦᠷᠭᠡᠭ᠍ᠵᠢᠶ᠎ᠡ ᠭᠡᠪᠠᠯ ᠵᠠᠪᠠᠯ ᠦᠪᠡᠷ ᠤᠨ ᠦᠨᠳᠦᠰᠦᠳᠠᠨ ᠤ ᠪᠠᠨ ᠥᠭᠡ ᠭᠡᠯᠡ ᠥᠰᠦᠭ᠌ ᠪᠢᠴᠢᠭ᠌ ᠶᠢᠡᠨ ᠰᠡᠷᠭᠦᠭᠡᠭᠦ ᠭᠡᠷᠡᠭ᠍ᠳᠡᠢ》 ᠭᠡᠰᠡᠨ ᠶᠤᠰᠤ ᠣᠴᠢᠷ ᠢ ᠣᠬᠠᠭᠤᠯᠵᠤ ᠶᠠᠪᠣᠵᠠᠢ᠃ ᠳᠡᠭᠦᠨ ᠤ ᠡᠨᠡᠭᠦ ᠰᠤᠷᠳᠠᠯᠴᠢᠯᠭ᠎ᠠ ᠶᠢ ᠣᠯᠠᠩᠭᠢ ᠭᠦᠮᠤᠨ ᠳᠤᠯᠤᠭᠠᠢ ᠳᠤᠭᠢᠨ ᠰᠠᠢ᠌ᠰᠢᠶᠠᠵᠤ ᠪᠠᠢ᠌ᠯ᠎ᠠ ᠴᠤ᠂ ᠭᠡᠷᠡᠭᠯᠡᠭᠦ ᠪᠠᠨ ᠵᠤᠭᠰᠤᠭᠠᠤᠨ ᠬᠤᠶᠠᠷ ᠮᠢᠩᠭ᠋ᠠᠨ ᠵᠢᠯ ᠪᠣᠯᠤᠭᠰᠠᠨ ᠡᠭᠡ ᠭᠡᠯᠡ ᠶᠢ ᠳᠠᠭᠢᠨ ᠠᠮᠢᠯᠠᠭᠤᠯᠤᠨ᠎ᠠ ᠭᠡᠭ᠍ᠴᠢ ᠭᠠᠳᠠᠭᠠᠳᠤ ᠭᠡᠯᠡ ᠰᠤᠷᠬᠤ ᠡᠴᠡ ᠬᠤᠯᠠ ᠭᠦᠴᠢᠷᠳᠡᠢ ᠶᠠᠪᠣᠳᠠᠯ ᠪᠠᠢ᠌ᠪᠠ᠃ ᠢᠳᠡᠭᠡᠯ ᠠᠯᠳᠠᠭᠰᠠᠨ ᠨᠢᠭᠡ ᠪᠦᠯᠦᠭ᠌ ᠭᠦᠮᠤᠨ ᠶ‍ᠸᡁᠦ᠋ᠳ᠋ ᠶᠢ ᠢᠤᠠᠬᠠᠵᠤ᠂ ᠨᠢᠭᠡ ᠭᠦᠮᠤᠨ ᠶᠠᠭᠠᠭᠢᠵᠤ ᠴᠢᠷᠮᠠᠢ᠌ᠯ᠎ᠠ ᠴᠤ ᠨᠡᠢ᠌ᠭᠡᠮ ᠤᠨ ᠶᠡᠭᠡ ᠣᠷᠴᠢᠨ ᠠᠬᠤᠢ ᠶᠢ ᠬᠤᠪᠢᠷᠠᠭᠠᠵᠤ ᠳᠡᠢ᠌ᠯᠭᠦ ᠦᠭᠡᠶ᠂ ᠡᠨᠡ ᠦᠨᠳᠦᠰᠦᠳᠠᠨ ᠤ ᠢᠷᠡᠭᠡᠳᠦᠢ ᠪᠣᠯ ᠣᠰᠠᠳᠤᠨ ᠪᠠᠯᠠᠷᠠᠬᠤ ᠯᠠ ᠳᠠᠪᠢᠯᠠᠩ ᠲᠡᠶ ᠭᠡᠵᠤ ᠰᠢᠭᠤᠳ ᠵᠦᠩᠨᠠᠵᠤ ᠪᠠᠢ᠌ᠯ᠎ᠠ᠃

ᠡᠨᠡ ᠨᠢ ᠶ‍ᠸᡁᠦ᠋ᠳ᠋ ᠶᠢᠨ ᠵᠤᠷᠢᠭ ᠢ ᠮᠢᠳᠠᠷᠠᠭᠠᠵᠤ ᠴᠢᠳᠠᠭᠰᠠᠨ ᠦᠭᠡᠶ᠃ ᠳᠠᠷᠠᠪᠠᠷ ᠰᠢᠪᠷᠠᠢ ᠭᠡᠯᠡ ᠮᠡᠳᠡᠭᠦ ᠨᠠᠰᠤᠳᠠᠨ ᠢ ᠡᠷᠢᠨ ᠰᠤᠷᠪᠣᠯᠵᠢᠯᠠᠵᠤ᠂ ᠳᠠᠳᠠᠨᠤᠰ ᠤᠨ ᠮᠡᠳᠡᠭᠦ ᠪᠣᠢ ᠪᠦᠭᠦᠢ ᠳᠠᠩ ᠥᠭᠡᠰ ᠢ ᠳᠡᠮᠳᠡᠭᠯᠡᠵᠤ ᠠᠪᠣᠭᠠᠤᠨ ᠬᠠᠷᠢᠴᠠᠭᠤᠯᠤᠯ ᠭᠢᠵᠤ᠂ ᠡ᠊ᠨᠳᠡᠭᠦᠤ ᠳᠠᠰᠢᠶ᠎ᠠ ᠶᠢ ᠨᠢ ᠵᠠᠯᠠᠷᠠᠭᠤᠯᠤᠨ ᠳᠤᠳᠠᠭᠳᠠᠯ ᠢ ᠨᠢ ᠨᠥᠭᠦᠵᠤ᠂ ᠰᠢᠪᠷᠠᠢ ᠭᠡᠯᠡᠨ ᠤ ᠣᠠᠴᠠᠯᠢᠭ ᠢ ᠮᠦᠷᠳᠠᠨ ᠨᠢᠭᠡ ᠪᠦᠯᠦᠭ᠌ ᠰᠢᠨ᠎ᠠ ᠥᠭᠡᠰ ᠵᠤᠬᠢᠶᠠᠵᠠᠢ᠃ ᠡᠭᠦᠨ ᠤ ᠳᠠᠭᠠᠤ᠂ ᠳᠠᠷᠠ ᠶᠡᠭᠡ ᠭᠦᠴᠤ ᠪᠠᠷ ᠣᠬᠠᠭᠤᠯᠤᠯᠭ᠎ᠠ ᠭᠢᠵᠤ ᠪᠠᠢ᠌ᠭᠠᠤᠨ ᠡᠭᠡ ᠭᠡᠯᠡᠨ ᠳᠡᠭᠡᠨ ᠬᠠᠢ᠌ᠷᠳᠠᠢ ᠭᠦᠮᠦᠰ ᠢ ᠵᠤᠬᠢᠶᠠᠨ ᠪᠠᠢ᠌ᠭᠤᠯᠤᠭᠠᠤᠨ᠂ ᠰᠢᠪᠷᠠᠢ ᠭᠡᠯᠡᠨ ᠤ ᠨᠡᠢ᠌ᠭᠡᠮᠯᠢᠭ᠌ ᠢ ᠡᠭᠦᠰᠭᠡᠨ ᠪᠠᠢ᠌ᠭᠤᠯᠵᠤ ᠰᠢᠪᠷᠠᠢ ᠭᠡᠯᠡᠨ ᠤ ᠰᠤᠨᠢᠨ ᠨᠠᠢ᠌ᠷᠠᠭᠤᠯᠤᠨ ᠳᠠᠷᠬᠠᠭᠠᠭᠰᠠᠨ ᠪᠠᠢ᠌ᠨ᠎ᠠ᠃

ᠳᠡᠭᠦᠨ ᠤ ᠡᠳᠡᠭᠡᠷ ᠴᠢᠷᠮᠠᠢ᠌ᠯᠭ᠎ᠠ ᠶᠠᠭ ᠡᠷᠴᠢᠮᠳᠡᠢ ᠶᠠᠪᠣᠭᠳᠠᠵᠤ ᠪᠠᠢ᠌ᠭᠰᠠᠨ ᠦᠶ᠎ᠡ ᠳᠤ᠂ ᠰᠢᠪᠷᠠᠢ ᠭᠡᠯᠡ ᠶᠢ ᠳᠠᠯᠳᠠ ᠨᠢᠭᠤᠴᠠᠬᠠᠢ ᠶᠠᠭᠤᠮ᠎ᠠ ᠪᠣᠯᠭᠠᠨ ᠰᠢᠳᠢᠴᠢᠯᠠᠵᠤ᠂ ᠱᠠᠰᠢᠨ ᠤ ᠨᠡᠢ᠌ᠭᠡᠮᠯᠢᠭ᠌ ᠤᠨ ᠳᠤᠰᠬᠠᠢ ᠭᠡᠷᠡᠭᠯᠡᠭᠦ ᠨᠢᠭᠤᠴᠠ 《ᠳᠠᠷᠨᠢ》 ᠪᠢᠴᠢᠭᠦ ᠪᠠᠷ ᠭᠤᠷᠢᠳᠠᠵᠤ ᠪᠠᠢ᠌ᠭᠰᠠᠨ ᠱᠠᠰᠢᠨ ᠤ ᠨᠡᠢ᠌ᠭᠡᠮᠯᠢᠭ᠌ ᠤᠨ ᠭᠢᠨ ᠤ ᠴᠢᠩᠭ᠋᠎ᠠ ᠡᠰᠡᠷᠭᠦᠴᠡᠯ ᠢ ᠣᠯᠵᠤ᠂ ᠶ‍ᠸᡁᠦ᠋ᠳ᠋ ᠶᠢ ᠬᠠᠤᠯᠢ ᠶᠢᠨ ᠬᠤᠷᠢᠶᠠᠨ ᠳᠤ ᠶᠠᠯ᠎ᠠ ᠵᠢᠭᠠᠨ ᠵᠠᠭᠠᠯᠳᠤᠭᠰᠠᠨ ᠪᠠᠢ᠌ᠪᠠ᠃ ᠡᠭᠦᠨ ᠤ ᠳ᠋ᠦ᠋ᠩ ᠳᠤ᠂ ᠭᠦᠮᠤᠨ ᠠᠮᠠ ᠶᠢᠨ ᠶᠡᠭᠡᠩᠭᠢ ᠶᠢ ᠡᠵᠡᠯᠡᠭ᠍ᠰᠡᠨ ᠭᠧᠷᠮᠡᠨ ᠪᠣᠶᠤ ᠵᠡᠭᠦᠨ ᠧᠦᠷᠥᠫᠡ ᠡᠴᠡ ᠨᠡᠭᠦᠵᠤ ᠢᠷᠡᠭ᠍ᠰᠡᠨ ᠢᠪᠷᠠᠢ᠌ᠴᠤᠳ᠂ ᠭᠡᠷᠡᠭᠯᠡᠵᠤ ᠰᠤᠷᠤᠭᠰᠠᠨ ᠨᠠᠢ᠌ᠳᠠ ᠶᠢᠨ ᠭᠡᠯᠡᠨ ᠳᠡᠭᠡᠨ ᠳᠠᠤᠠᠬᠠᠯᠢᠰᠢᠵᠤ᠂ ᠱᠠᠰᠢᠨ ᠤ ᠡᠪᠯᠡᠯ ᠤᠨ ᠵᠢᠭᠠᠯᠳᠠ ᠡᠴᠡ ᠰᠥᠷᠭᠦ ᠶᠢ ᠶᠡᠭᠡ ᠴᠡᠭᠡᠷ ᠪᠣᠯᠭᠠᠨ ᠥᠵᠡᠳᠡᠭ᠌ ᠶᠢᠡᠷ ᠵᠤᠷᠢᠭᠳᠠᠢ ᠭᠠᠷᠴᠤ ᠢᠷᠡᠭᠡᠤᠨ ᠶ‍ᠸᡁᠦ᠋ᠳ᠋ ᠶᠢᠨ ᠳᠠᠯ᠎ᠠ ᠳᠤ ᠵᠤᠭᠰᠤᠬᠤ ᠠᠮᠢᠳᠠᠨ ᠬᠤᠪᠣᠷ ᠪᠠᠢ᠌ᠯ᠎ᠠ᠃ ᠨᠠᠩ ᠴᠤ ᠱᠠᠰᠢᠨ ᠤ ᠡᠪᠯᠡᠯ ᠤᠨ ᠭᠢᠨ ᠠᠮᠠ ᠨᠡᠭᠡᠭᠡᠪᠠᠯ 《ᠡᠵᠡᠨ ᠬᠤᠷᠮᠤᠰᠳᠠ》 ᠪᠠᠷ ᠭᠦᠮᠤᠨ ᠰᠥᠷᠳᠡᠭᠦᠯᠵᠤ᠂ ᠳᠠᠭᠤ ᠭᠠᠷᠬᠤ ᠪᠦᠷᠢ 《ᠳᠠᠮᠤ ᠶᠢᠨ ᠣᠷᠤᠨ》 ᠶᠢᠡᠷ ᠠᠷᠠᠤᠨ ᠢ ᠰᠥᠷᠳᠡᠭᠦᠯᠵᠤ ᠪᠠᠢ᠌ᠭᠰᠠᠨ ᠶᠢᠡᠷ᠂ ᠶ‍ᠸᡁᠦ᠋ᠳ᠋ ᠶᠢᠨ ᠭᠦᠭᠡᠭᠡᠴᠡᠯᠳᠦᠯ ᠣᠷᠢᠳᠤ ᠡᠮᠦᠨ᠎ᠡ ᠭᠠᠷᠤᠭ᠎ᠠ ᠦᠭᠡᠶ ᠬᠠᠷᠰᠢ ᠰᠠᠭᠠᠤᠨ ᠣᠴᠠᠷᠠᠭᠰᠠᠨ ᠪᠢᠯᠠ᠃ ᠳᠡᠭᠡᠭᠦ ᠳᠤ ᠦᠨᠦ 《ᠡᠵᠡᠨ ᠬᠤᠷᠮᠤᠰᠳᠠ》 ᠂ 《ᠳᠠᠮᠤ ᠶᠢᠨ ᠣᠷᠤᠨ》 ᠡᠴᠡ ᠨᠢ ᠠᠶᠤᠳᠠᠭ ᠦᠭᠡᠶ ᠶ‍ᠸᡁᠦ᠋ᠳ᠋ ᠭᠤᠸᠠᠢ ᠱᠠᠰᠢᠨ ᠤ ᠡᠪᠯᠡᠯ ᠤᠨ ᠭᠢᠨ ᠲᠡᠶ ᠡᠪᠯᠡᠷᠡᠰᠢ ᠦᠭᠡᠶ ᠳᠠᠮᠠᠴᠠᠯ ᠭᠢᠵᠤ᠂ ᠠᠵᠢᠯ ᠠᠮᠢᠳᠤᠷᠠᠯ ᠶᠢᠡᠨ ᠨᠢᠭᠡᠮᠦᠰᠤᠨ ᠬᠠᠶᠠᠭᠠᠤᠨ ᠭᠡᠯᠡᠨ ᠤ ᠰᠡᠷᠭᠦᠯᠳᠡ ᠶᠢᠨ ᠠᠵᠢᠯ ᠳᠤ ᠬᠠᠠᠴᠤᠢ ᠰᠢᠮᠠᠯᠠᠨ ᠰᠢᠭᠤᠷᠬᠠᠢ᠌ᠯᠠᠭᠰᠠᠨ ᠪᠠᠢ᠌ᠨ᠎ᠠ᠃ ᠡᠭᠦᠨ ᠤ ᠳ᠋ᠦ᠋ᠩ ᠳᠤ ᠭᠡᠷ ᠤᠨ ᠠᠮᠢᠳᠤᠷᠠᠯ ᠨᠢ ᠶᠠᠳᠠᠭᠤᠷᠠᠨ ᠳᠤᠷᠣᠢ᠌ᠳᠤᠵᠤ᠂ ᠪᠠᠭ᠎ᠠ ᠭᠦᠤ ᠡᠪᠠᠦᠡᠴᠢᠯᠡᠭᠡᠤᠨ ᠵᠠᠰᠠᠭᠤᠯᠬᠤ ᠵᠤᠭᠤᠰ ᠦᠭᠡᠶ ᠬᠠᠷᠠᠵᠤ ᠪᠠᠢ᠌ᠭᠠᠤᠨ ᠥᠭᠦᠭᠦᠯᠦᠭᠰᠡᠨ ᠪᠠᠢ᠌ᠨ᠎ᠠ᠃ ᠭᠦᠡᠳᠤ ᠡᠮᠭᠡᠨᠢᠯ ᠳᠤ ᠳᠠᠷᠤᠭᠳᠠᠭᠰᠠᠨ ᠡᠭᠡᠨᠡᠷ ᠨᠢ ᠴᠤ ᠳᠡᠭᠦᠨ ᠳᠤ ᠭᠦᠰᠡᠯ ᠠᠯᠳᠠᠵᠤ ᠣᠷᠤᠭ ᠰᠠᠯᠬᠤ ᠳᠤ ᠭᠦᠷᠪᠡ᠃ ᠡᠳᠡᠭᠡᠷ ᠴᠤᠭᠢᠯᠳᠠ ᠨᠢ ᠮᠦᠨ ᠯᠠ ᠳᠡᠭᠦᠨ ᠤ ᠵᠤᠷᠢᠯᠳᠠ ᠶᠢ ᠭᠣᠢ᠌ᠪᠠᠯᠵᠠᠭᠤᠯᠵᠤ ᠴᠢᠳᠠᠭᠰᠠᠨ ᠦᠭᠡᠶ ᠠᠵᠢ᠃ ᠳᠠᠷᠠ ᠬᠤᠷᠢᠨ ᠭᠡᠳᠤᠨ ᠵᠢᠯ ᠤᠨ ᠴᠥᠭᠦᠷᠡᠰᠢ ᠦᠭᠡᠶ ᠴᠢᠷᠮᠠᠢ᠌ᠯᠳᠠ ᠶᠢ ᠳᠠᠮᠵᠢᠭᠠᠤᠨ 1904 ᠣᠨ ᠳᠤ ᠰᠢᠪᠷᠠᠢ ᠭᠡᠯᠡᠨ ᠤ ᠪᠦᠷᠢᠨ ᠳᠤᠯᠢ ᠪᠢᠴᠢᠭ᠌ ᠢ ᠨᠠᠢ᠌ᠷᠠᠭᠤᠯᠵᠤ ᠭᠠᠷᠭᠠᠭᠠᠤᠨ ᠢᠪᠷᠠᠢ᠌ᠴᠤᠳ ᠤᠨ ᠳᠡᠦᠭᠡᠨ ᠳᠠᠭᠢ ᠰᠢᠨ᠎ᠠ ᠬᠠᠭᠤᠳᠠᠰᠤ ᠶᠢ ᠰᠡᠭᠦᠭ᠍ᠰᠡᠨ ᠪᠠᠢ᠌ᠨ᠎ᠠ᠃

1948 ᠣᠨ ᠤ 5 ᠰᠠᠷ᠎ᠠ ᠳᠤ᠂ ᠢᠰᠸᠷᠸᠯ ᠣᠯᠤᠰ ᠪᠠᠢ᠌ᠭᠤᠯᠤᠭᠳᠠᠵᠤ ᠰᠢᠪᠷᠠᠢ ᠭᠡᠯᠡ ᠨᠢ ᠣᠯᠤᠰ ᠤᠨ ᠭᠡᠯᠡ ᠪᠠᠷ ᠳᠤᠭᠳᠠᠭᠠᠭᠳᠠᠭᠰᠠᠨ ᠪᠠᠢ᠌ᠨ᠎ᠠ᠃ ᠡᠨᠡ ᠡᠳᠦᠷ ᠡᠴᠡ ᠬᠣᠢ᠌ᠰᠢ ᠭᠡᠷᠡᠭᠯᠡᠭᠦ ᠪᠠᠨ ᠵᠤᠭᠰᠤᠭᠠᠤᠨ ᠬᠤᠶᠠᠷ ᠮᠢᠩᠭ᠋ᠠᠨ ᠣᠨ ᠪᠣᠯᠤᠭᠰᠠᠨ ᠡᠭᠡ ᠭᠡᠯᠡ ᠳᠠᠭᠢᠨ ᠠᠮᠢᠯᠠᠵᠤ᠂ ᠨᠠᠽᠢᠰ ᠲᠤ ᠠᠤᠠᠯᠠᠭᠳᠠᠨ ᠭᠢᠳᠤᠭᠳᠠᠵᠤ ᠪᠠᠢ᠌ᠭᠰᠠᠨ ᠢᠪᠷᠠᠢ᠌ᠴᠤᠳ ᠪᠦᠮᠪᠦᠷᠴᠡᠭ᠌ ᠤᠨ ᠭᠦᠷᠦᠰᠤᠨ ᠳᠤ ᠭᠦᠯ ᠳᠠᠯᠪᠢᠬᠤ ᠭᠠᠵᠠᠷ ᠶᠢᠡᠨ ᠣᠯᠤᠭᠰᠠᠨ ᠶᠢᠡᠷ ᠪᠠᠷᠠᠬᠤ ᠦᠭᠡᠶ᠂ ᠮᠠᠰᠢ ᠳᠦᠷᠭᠡᠨ ᠭᠦᠭ᠍ᠵᠢᠨ ᠮᠠᠠᠳᠤᠭᠠᠤᠨ ᠳᠡᠯᠡᠭᠡᠢ ᠶᠢᠨ ᠳᠠᠪᠰᠢᠭᠰᠠᠨ ᠣᠯᠤᠰ ᠤᠨ ᠡᠩᠨᠡᠭᠡᠨ ᠳᠤ ᠬᠤᠰᠢᠭᠤᠷᠠᠬᠤ ᠪᠣᠯᠵᠠᠢ᠃ ᠡᠭᠦᠨ ᠲᠡᠶ ᠡᠰᠡᠷᠭᠦ ᠪᠠᠷ᠂ ᠳᠤᠮᠳᠠᠳᠤ ᠣᠯᠤᠰ ᠤᠨ ᠲᠦᠷᠦ ᠶᠢᠨ ᠳᠠᠪᠴᠠᠩ ᠢ ᠭᠤᠷᠪᠠᠨ ᠵᠠᠭᠤᠨ ᠣᠨ ᠨᠤᠶᠠᠷᠬᠠᠵᠤ ᠶᠠᠪᠣᠭᠰᠠᠨ ᠮᠠᠠᠵᠤ ᠦᠨᠳᠦᠰᠦᠳᠠᠨ ᠥᠭᠡ ᠭᠡᠯᠡᠨ ᠤ ᠬᠠᠢ᠌ᠯᠤᠭᠳᠠᠯ ᠢ ᠳᠠᠭᠠᠯᠳᠤᠨ ᠦᠨᠳᠦᠰᠦᠳᠠᠨ ᠮᠥᠭᠦᠭᠦ ᠬᠤᠪᠢ ᠵᠠᠶᠠᠭᠠᠨ ᠡᠴᠡ ᠮᠤᠯᠳᠠᠷᠠᠵᠤ ᠴᠢᠳᠠᠭᠰᠠᠨ ᠦᠭᠡᠶ ᠪᠠᠢ᠌ᠪᠠ᠃ ᠡᠭᠦᠨ ᠶᠢᠡᠷ ᠥᠵᠡᠭᠦᠯ᠎ᠡ ᠥᠭᠡ ᠭᠡᠯᠡ ᠥᠰᠦᠭ᠌ ᠪᠢᠴᠢᠭ᠌ ᠪᠣᠯ ᠨᠢᠭᠡ ᠦᠨᠳᠦᠰᠦᠳᠠᠨ ᠤ ᠣᠷᠤᠰᠢᠨ ᠳᠤᠭᠳᠠᠨᠢᠬᠤ ᠰᠠᠭᠤᠷᠢ ᠪᠦᠭᠡᠤᠨ ᠬᠠᠢ᠌ᠯᠤᠭᠳᠠᠬᠤ ᠳᠤ ᠠᠮᠠᠷᠬᠠᠨ᠂ ᠰᠡᠷᠭᠦᠭᠡᠭᠦᠶ᠎ᠡ ᠪᠠᠷᠭᠡᠳᠡᠢ ᠦᠨᠳᠦᠰᠦᠳᠠᠨ ᠢ ᠳᠤᠯᠭᠠᠭᠤᠷᠢᠯᠠᠬᠤ 《ᠠᠷᠠᠭ ᠶᠠᠰᠤ》 ᠮᠦᠨ ᠪᠢᠯᠠ᠃

ᠢᠪᠷᠠᠢ ᠵᠠᠯᠠᠭᠤ ᠶ‍ᠸᡁᠦ᠋ᠳ᠋ ᠶᠢᠨ ᠴᠢᠷᠮᠠᠢ᠌ᠯᠭ᠎ᠠ ᠨᠢ ᠦᠨᠳᠦᠰᠦᠳᠠᠨ ᠤ ᠰᠡᠷᠭᠦᠯᠳᠡ ᠳᠤ ᠪᠠᠯᠠᠷᠠᠰᠢ ᠦᠭᠡᠶ ᠵᠢᠦᠡᠭᠦᠯ ᠥᠵᠡᠭᠦᠯᠦᠭ᠍ᠰᠡᠨ ᠨᠢ ᠮᠠᠷᠭᠤᠰᠢ ᠦᠭᠡᠶ᠃ ᠭᠡᠪᠠᠴᠤ ᠨᠢᠭᠡ ᠭᠦᠮᠤᠨ ᠤ ᠣᠢ᠌ᠭ᠎ᠠ ᠦᠭᠡᠶ ᠭᠦᠳᠡᠯᠮᠦᠷᠢ ᠭᠢᠷᠢ ᠵᠡᠷᠭᠡ ᠠᠪᠣᠷᠭᠤ ᠪᠠᠢ᠌ᠯ᠎ᠠ ᠴᠤ ᠨᠠᠢ᠌ᠳᠠ ᠣᠯᠠᠨ ᠤ ᠰᠡᠭᠡᠭᠡᠷᠡᠯ ᠬᠠᠮᠵᠢᠯᠴᠠᠭ᠎ᠠ ᠦᠭᠡᠶ ᠶᠤᠮ ᠪᠣᠯ ᠨᠢᠭᠡ ᠦᠨᠳᠦᠰᠦᠳᠠᠨ ᠤ ᠮᠥᠭᠦᠭ᠍ᠰᠡᠨ ᠭᠡᠯᠡ ᠶᠢ ᠳᠠᠭᠢᠨ ᠰᠡᠷᠭᠦᠭᠡᠨ᠎ᠡ ᠭᠡᠭ᠍ᠴᠢ ᠪᠠᠶᠡᠯᠡᠭ᠍ᠳᠡᠰᠢ ᠦᠭᠡᠶ ᠭᠡᠷᠡᠭ᠌ ᠶᠤᠮ᠃ ᠦᠪᠣᠷ ᠮᠤᠩᠭ᠋ᠤᠯᠴᠤᠳ ᠤᠨ ᠬᠤᠪᠢ ᠳᠤ ᠠᠪᠴᠤ ᠭᠡᠯᠡᠪᠠᠯ᠂ ᠶᠡᠭᠡ ᠦᠨᠳᠦᠰᠦᠳᠠᠨ ᠤ ᠳᠦᠷᠢᠯᠳᠠ ᠪᠠ ᠳᠠᠶᠠᠭᠠᠷᠴᠢᠯᠠᠬᠤ ᠰᠢᠭᠤᠷᠭᠠᠨ ᠳᠤ ᠬᠤᠮᠢᠭᠳᠠᠭᠠᠤᠨ ᠥᠭᠡ ᠭᠡᠯᠡ ᠨᠢ ᠡᠭᠢᠯᠡᠨ ᠰᠠᠭᠠᠷᠮᠠᠭᠵᠢᠵᠤ ᠪᠣᠢ ᠪᠦᠭᠡᠤᠨ᠂ ᠦᠨᠳᠦᠰᠦᠳᠠᠨ ᠶᠢᠡᠷ ᠶᠢᠡᠨ ᠣᠠᠴᠠᠯᠢᠭᠳᠠᠬᠤ ᠵᠣᠢ᠌ᠯ ᠤᠳ ᠨᠢ ᠠᠶᠠᠠᠳᠠᠭᠠᠨ ᠴᠥᠭᠡᠭᠡᠷᠡᠵᠤ ᠪᠠᠢ᠌ᠭ᠎ᠠ ᠨᠢ ᠯᠠᠪᠳᠠᠢ ᠰᠠᠢ᠌ᠨ ᠤ ᠰᠤᠪᠢᠩ ᠪᠢᠰᠢ ᠶᠤᠮ᠃ ᠨᠠᠩ ᠴᠤ ᠵᠠᠬ᠎ᠠ ᠶᠢᠨ ᠠᠵᠤ ᠠᠬᠤᠢ ᠳᠤ ᠣᠷᠤᠭᠰᠠᠨ ᠡᠴᠡ ᠬᠣᠢ᠌ᠰᠢ ᠭᠦᠮᠦᠰ ᠤᠨ ᠦᠵᠡᠯ ᠣᠬᠠᠮᠰᠠᠷ ᠲᠤ ᠥᠷᠳᠡᠭ᠌ ᠤᠨ ᠰᠠᠤᠠᠭᠢᠴᠠ ᠪᠦᠷᠢᠯᠳᠦᠭᠡᠤᠨ ᠦᠨᠳᠦᠰᠦᠳᠠᠨ ᠮᠠᠠᠳᠤᠬᠤ ᠶᠢᠨ ᠬᠤᠯᠠ ᠶᠢᠨ ᠬᠠᠷᠠᠯᠳᠠ ᠪᠠᠨ ᠳᠠᠶᠠᠭᠳᠠᠵᠤ ᠨᠢᠳᠤᠨ ᠡᠮᠦᠨᠡᠭᠢ ᠠᠰᠢᠭ ᠢ ᠳᠡᠮᠡᠴᠡᠭᠦ ᠬᠠᠯᠠᠭᠤᠷᠠᠯ ᠳᠤ ᠣᠷᠤᠵᠤ ᠪᠠᠢ᠌ᠭ᠎ᠠ ᠨᠢ ᠪᠣᠢ ᠪᠦᠭᠦᠢ ᠰᠡᠭᠡᠭᠡᠷᠡᠭ᠍ᠰᠡᠨ ᠭᠦᠮᠦᠰ ᠤᠨ ᠭᠡᠯᠮᠡᠭ᠍ᠳᠡᠯ ᠢ ᠠᠪᠴᠢᠷᠠᠭᠰᠠᠨ ᠪᠠᠢ᠌ᠨ᠎ᠠ᠃ 《ᠮᠠᠨ ᠤ ᠦᠨᠳᠦᠰᠦᠳᠠᠨ ᠤ ᠬᠤᠵᠢᠮ ᠢᠷᠡᠭᠡᠳᠦᠢ ᠴᠤᠬᠤᠮ ᠶᠠᠭᠠᠭᠢᠳᠠᠭ ᠪᠣᠯ︖》 ᠭᠡᠰᠡᠨ ᠠᠰᠠᠭᠤᠳᠠᠯ ᠨᠢ ᠨᠠᠢ᠌ᠳᠠ ᠮᠤᠩᠭ᠋ᠤᠯ ᠤᠨ ᠰᠠᠤᠠᠭᠢᠯ ᠳᠤ ᠳᠡᠭᠦᠵᠢᠯᠡᠭᠡᠤᠨ ᠳᠠᠯᠪᠢᠭᠰᠠᠨ 《ᠴᠢᠯᠠᠭᠤ》 ᠪᠣᠯᠴᠢᠬᠠᠵᠠᠢ᠃ ᠮᠠᠨ ᠤ ᠬᠤᠪᠢᠨ ᠳᠤ᠂ ᠡᠭᠡ ᠭᠡᠯᠡ ᠪᠠᠨ ᠠᠯᠳᠠᠵᠤ ᠶᠠᠪᠣᠭᠤᠯᠴᠢᠬᠠᠭᠠᠤᠨ ᠳᠠᠭᠢᠨ ᠰᠡᠷᠭᠦᠭᠡᠨ᠎ᠡ ᠭᠡᠵᠤ ᠥᠭᠦᠯᠳᠡᠭᠦ ᠶᠢᠨ ᠣᠷᠤᠨ ᠳᠤ᠂ ᠮᠤᠩᠭ᠋ᠤᠯ ᠭᠡᠯᠡ ᠪᠠᠨ ᠰᠠᠢ᠌ᠳᠤᠷ ᠰᠤᠷᠴᠤ ᠭᠡᠷᠡᠭᠯᠡᠭᠦ ᠪᠠᠷ ᠪᠠᠷᠠᠬᠤ ᠦᠭᠡᠶ ᠨᠢᠳᠤᠨ ᠴᠡᠴᠡᠭᠡᠢ ᠪᠠᠨ ᠠᠳᠠᠯᠢ ᠡᠷᠭᠢᠮᠨᠡᠨ ᠨᠠᠠᠳᠢᠩᠨᠠᠵᠤ᠂ ᠣᠷᠭᠢᠭᠳᠠᠵᠤ ᠬᠠᠶᠠᠭᠳᠠᠭᠰᠠᠨ ᠨᠠᠠᠳᠢᠨ ᠣᠯᠠᠮᠵᠢᠯᠠᠯ ᠶᠢᠡᠨ ᠰᠡᠷᠭᠦᠭᠡᠵᠤ ᠪᠠᠢ᠌ᠭᠠᠤᠨ ᠦᠷ᠎ᠡ ᠭᠡᠦᠭᠡᠤᠨ ᠲᠡᠭᠡᠨ ᠣᠯᠠᠮᠵᠢᠯᠠᠪᠠᠯ ᠵᠤᠭᠢᠨ᠎ᠠ᠃ ᠨᠠᠩ ᠴᠢᠨᠠᠭᠰᠢᠯᠠᠭᠠᠤᠨ ᠦᠨᠳᠦᠰᠦᠳᠠᠨ ᠤ ᠪᠠᠳᠠᠷᠠᠨ ᠮᠠᠠᠳᠤᠬᠤ ᠳᠤ ᠮᠤᠩᠭ᠋ᠤᠯ ᠭᠦᠢᠰᠦᠳᠡᠨ ᠪᠦᠭᠦᠨ ᠨᠢᠭᠡ ᠮᠦᠷᠤᠨ ᠤ ᠭᠦᠴᠤ ᠪᠠᠨ ᠡᠷᠭᠦᠭᠦ ᠭᠡᠷᠡᠭ᠍ᠳᠡᠢ᠃ ᠡᠭᠡ ᠭᠡᠯᠡ ᠪᠣᠯ ᠮᠠᠨ ᠤ ᠭᠦᠮᠤᠨ ᠪᠣᠯᠵᠤ ᠶᠠᠪᠣᠬᠤ ᠶᠢᠨ ᠣᠮᠤᠭᠰᠢᠯ ᠪᠦᠭᠡᠤᠨ ᠨᠡᠢ᠌ᠭᠡᠮ ᠤᠨ ᠳᠤᠮᠤ 《ᠳᠤᠭᠯᠠᠯᠳᠠ ᠶᠢᠨ ᠳᠠᠢ᠌ᠰᠠᠨ》 ᠳᠡᠭᠡᠷ᠎ᠡ ᠭᠦᠯ ᠳᠤᠭᠳᠠᠬᠤ ᠨᠢᠭᠡ ᠭᠡᠰᠡᠭ᠌ ᠭᠠᠵᠠᠷ ᠣᠯᠵᠤ᠂ ᠣᠭᠰᠠᠭ᠎ᠠ ᠠᠢ᠌ᠮᠠᠭ ᠶᠢᠡᠨ ᠳᠤᠳᠤᠷᠬᠠᠢ᠌ᠯᠠᠬᠤ ᠪᠠᠷ ᠬᠠᠤᠠᠬᠤᠭᠠᠤᠨ ᠳᠠᠯᠪᠢᠭᠰᠠᠨ 《ᠰᠦᠯᠳᠡ ᠳᠤᠭ》 ᠪᠣᠯᠤᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 8858
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ