ᠨᠡᠪᠲᠡᠷᠡᠨ ᠤᠷᠤᠬᠤ
ᠵᠢᠷᠭᠤᠳᠤᠭᠠᠷ ᠪᠦᠯᠦᠭ ᠂ ᠰᠤᠶᠤᠯ ᠠᠬᠤᠢ ᠶᠢᠨ ᠵᠤᠬᠢᠴᠠᠯ
ᠨᠢᠭᠡᠳᠦᠭᠡᠷ ᠬᠡᠰᠡᠭ ᠂ ᠤᠨᠤᠯ ᠢ ᠦᠢᠯᠡᠳᠦᠯᠭᠡᠵᠢᠭᠦᠯᠬᠦ ᠪᠤᠯ ᠰᠤᠷᠭᠠᠨ ᠬᠦᠮᠦᠵᠢᠯ ᠤᠨ ᠠᠮᠢᠨ ᠰᠦᠨᠡᠰᠦ ᠮᠦᠨ

ᠰᠤᠷᠭᠠᠨ ᠭᠦᠮᠦᠵᠢᠯ ᠪᠣᠯ ᠭᠡᠵᠢᠶᠡᠳᠡ ᠬᠤᠪᠢᠷᠠᠰᠢ ᠦᠭᠡᠶ ᠪᠢᠰᠢ᠃ ᠡᠭᠦᠳᠦᠯᠳᠡ ᠰᠥᠪᠠᠭ᠍ᠴᠢᠯᠡᠯ ᠭᠢᠵᠤ ᠯᠠ ᠪᠠᠢ᠌ᠪᠠᠯ ᠭᠦᠭ᠍ᠵᠢᠨ ᠰᠢᠨᠠᠤᠠᠴᠤ᠂ ᠰᠤᠳᠤᠯᠤᠯᠳᠠ ᠥᠭᠡᠷᠡᠴᠢᠯᠡᠯᠳᠡ ᠭᠢᠭᠦ ᠦᠭᠡᠶ ᠪᠣᠯᠤᠭᠰᠠᠭᠠᠷ ᠭᠡᠪᠰᠢᠮᠡᠯ ᠬᠤᠴᠤᠷᠤᠭᠳᠠᠩᠭ᠋ᠤᠢ ᠪᠣᠯᠳᠠᠭ᠃


᠊᠊᠊᠊᠊᠊᠊᠊᠊᠊᠊᠊᠊᠊᠊᠊᠊᠊᠊᠊᠊᠊᠊᠊᠊ ᠳᠤᠤ ᠰᠢᠩ ᡁᠢ


ᠰᠤᠷᠭᠠᠨ ᠭᠦᠮᠦᠵᠢᠯ ᠪᠣᠯ ᠨᠢᠭᠡ ᠣᠯᠤᠰ ᠦᠨᠳᠦᠰᠦᠳᠠᠨ ᠤ ᠬᠤᠵᠢᠮ ᠢᠷᠡᠭᠡᠳᠦᠢ ᠶᠢ ᠳᠤᠭᠳᠠᠭᠠᠬᠤ ᠳᠡᠷᠢᠭᠦᠨ ᠴᠢᠬᠤᠯᠠ ᠠᠵᠢᠯ ᠪᠣᠯᠤᠨ᠎ᠠ᠃ ᠮᠠᠨ ᠤ ᠣᠯᠤᠰ ᠰᠤᠷᠭᠠᠨ ᠭᠦᠮᠦᠵᠢᠯ ᠤᠨ ᠥᠭᠡᠷᠡᠴᠢᠯᠡᠯᠳᠡ ᠪᠠᠨ ᠭᠦᠡᠵᠡᠭᠡᠢ᠌ᠷᠡᠭᠦᠯᠵᠤ᠂ ᠭᠡᠪ ᠴᠢᠨᠠᠷ ᠤᠨ ᠰᠤᠷᠭᠠᠨ ᠭᠦᠮᠦᠵᠢᠯ ᠢ ᠴᠢᠩᠭ᠋᠎ᠠ ᠠᠤᠠᠬᠤᠵᠤ ᠪᠠᠢ᠌ᠯ᠎ᠠ ᠴᠤ᠂ ᠭᠦᠭ᠍ᠵᠢᠭ᠍ᠰᠡᠨ ᠣᠯᠤᠰ ᠤᠨ ᠭᠢᠷᠢ ᠲᠦᠪᠰᠢᠨ ᠡᠴᠡ ᠮᠦᠨ ᠭᠦ ᠵᠦᠷᠢᠶ᠎ᠠ ᠲᠡᠶ ᠪᠠᠢ᠌ᠬᠤ ᠪᠠᠨ ᠪᠢᠳᠠ ᠡᠷᠭᠡᠪᠰᠢ ᠣᠯᠵᠤ ᠬᠠᠷᠠᠬᠤ ᠭᠡᠷᠡᠭ᠍ᠳᠡᠢ᠃ ᠳᠠᠪᠤᠨ ᠮᠢᠩᠭ᠋ᠠᠨ ᠣᠨ ᠤ ᠰᠤᠶᠤᠯ ᠤᠨ ᠭᠦᠷᠦᠰᠤᠨ ᠤ ᠨᠥᠯᠦᠭᠡᠯᠡᠯ ᠡᠴᠡ ᠪᠣᠯᠵᠤ ᠬᠤᠷᠢᠵᠤ ᠪᠠᠢ᠌ᠭᠠᠤᠨ ᠮᠡᠳᠡᠯᠭᠡ ᠴᠢᠤᠠᠬᠤᠵᠤ ᠦᠭ‍ᠭᠦ᠂ ᠥᠢᠯᠡᠳᠦᠯᠭᠡ ᠡᠴᠡ ᠰᠠᠯᠤᠭᠰᠠᠨ ᠭᠡᠢ ᠨᠤᠮᠯᠠᠯ ᠶᠢᠡᠷ ᠰᠤᠷᠤᠭᠴᠢᠳ ᠤᠨ ᠣᠶᠤᠨ ᠳᠠᠷᠢᠭᠢ ᠶᠢ ᠭᠦᠯᠢᠶᠡᠰᠦᠯᠡᠭᠦ᠂ ᠥᠭᠦᠮᠡᠯ ᠶᠢᠡᠷ ᠴᠡᠭᠡᠵᠢᠯᠡᠭᠦᠯᠵᠤ ᠪᠠᠷᠢᠮᠵᠢᠶ᠎ᠠ ᠰᠠᠳᠤᠪ ᠢ ᠳᠠᠭᠤᠷᠢᠶᠠᠯᠭᠠᠬᠤ ᠮᠠᠳᠤ ᠶᠢᠨ ᠭᠡᠪᠰᠢᠮᠡᠯ ᠵᠢᠭᠠᠨ ᠰᠤᠷᠭᠠᠬᠤ ᠭᠦᠷᠢᠶᠡᠨ ᠡᠴᠡ ᠣᠳᠤ ᠪᠣᠯᠳᠠᠯ᠎ᠠ ᠭᠠᠷᠴᠤ ᠴᠢᠳᠠᠭᠠᠳᠤᠢ ᠪᠠᠢ᠌ᠭᠰᠠᠭᠠᠷ᠃ ᠡᠨᠡ ᠨᠢ 《ᠳᠡᠭ᠍ᠷᠢ ᠶᠢ ᠭᠠᠵᠠᠷ ᠲᠡᠶ᠂ ᠨᠠᠷᠠ ᠶᠢ ᠰᠠᠷᠠ ᠲᠡᠶ᠂ ᠨᠠᠪᠴᠢ ᠶᠢ ᠴᠡᠴᠡᠭ᠌ ᠲᠡᠶ ᠬᠤᠤᠰᠯᠠᠭᠤᠯᠬᠤ》 《ᠪᠠᠭᠦ᠋》 ᠣᠩᠰᠢᠯᠭ᠎ᠠ ᠡᠴᠡ ᠵᠥᠷᠢᠭ᠍ᠰᠡᠨ ᠭᠠᠵᠠᠷ ᠪᠠᠢ᠌ᠬᠤ ᠦᠭᠡᠶ᠃ ᠡᠢ᠌ᠮᠦᠷᠭᠦᠤ ᠰᠤᠷᠭᠠᠨ ᠭᠦᠮᠦᠵᠢᠯ ᠤᠨ ᠠᠷᠭ᠎ᠠ ᠪᠠᠷᠢᠯ ᠨᠢ ᠳᠤᠬᠠᠢ ᠶᠢᠨ ᠳᠡᠦᠭᠡᠨ ᠴᠠᠭ ᠦᠶ᠎ᠡ ᠳᠡᠭᠡᠨ ᠳᠤᠭᠢᠷᠠᠵᠤ ᠢᠳᠠᠪᠭᠢᠳᠠᠢ ᠣᠢ᠌ᠯᠠᠳᠤᠯ ᠥᠵᠡᠭᠦᠯᠵᠤ ᠪᠠᠢ᠌ᠭᠰᠠᠨ ᠪᠣᠯᠪᠠᠴᠤ᠂ ᠰᠤᠶᠤᠯ ᠰᠢᠡᠵᠢᠯᠡᠭᠦ ᠣᠬᠠᠭᠠᠨ ᠳᠡᠭᠡᠳᠤ ᠭᠡᠮᠵᠢᠶ᠎ᠡ ᠪᠠᠷ ᠭᠦᠭ᠍ᠵᠢᠭ᠍ᠰᠡᠨ ᠰᠢᠨ᠎ᠠ ᠮᠢᠩᠭ᠋ᠠᠨ ᠤ ᠠᠬᠤᠢ ᠪᠠᠢ᠌ᠳᠠᠯ ᠲᠡᠶ ᠨᠢᠭᠡ᠊ᠨᠳᠡ ᠵᠤᠭᠢᠴᠠᠬᠤ ᠦᠭᠡᠶ ᠪᠣᠯᠤᠭᠠᠤᠨ᠂ ᠴᠠᠭ ᠦᠶ᠎ᠡ ᠶᠢᠨ ᠠᠯᠬᠤᠴᠠ ᠲᠡᠶ ᠭᠢᠰᠭᠢᠴᠠ ᠳᠠᠭᠠᠷᠠᠭᠰᠠᠨ ᠴᠣ᠋ ᠰᠢᠨ᠎ᠠ ᠰᠤᠷᠭᠠᠨ ᠭᠦᠮᠦᠵᠢᠯ ᠤᠨ ᠠᠷᠭ᠎ᠠ ᠪᠣᠳᠤᠯᠭ᠎ᠠ ᠳᠤᠯᠭᠠᠮ ᠱᠠᠭᠠᠷᠳᠠᠭᠳᠠᠬᠤ ᠪᠣᠯᠤᠯ᠎ᠠ᠃ ᠡᠢ᠌ᠮᠤ ᠪᠠᠢ᠌ᠳᠠᠯ ᠤᠨ ᠳᠤᠤᠷ᠎ᠠ᠂ ᠡᠷᠭᠡᠪᠰᠢ ᠬᠠᠭᠤᠴᠢᠨ ᠳᠦᠷᠢᠮ ᠤᠨ ᠭᠦᠯᠢᠶᠡᠰᠤ ᠶᠢ ᠳᠣᠢ᠌ᠯᠪᠣᠷᠢᠳᠠᠢ ᠳᠠᠰᠤᠳᠠᠨ᠂ ᠪᠣᠰᠤᠳ ᠤᠨ ᠳᠠᠪᠠᠭᠤᠯᠢᠭ ᠶᠢᠡᠷ ᠦᠪᠡᠷ ᠤᠨ ᠳᠤᠳᠠᠭᠳᠠᠯ ᠶᠢᠡᠨ ᠨᠥᠭᠦᠵᠤ᠂ ᠰᠢᠨ᠎ᠠ ᠴᠠᠭ ᠦᠶ᠎ᠡ ᠶᠢᠨ ᠰᠢᠨ᠎ᠠ ᠱᠠᠭᠠᠷᠳᠠᠯᠭ᠎ᠠ ᠳᠤ ᠨᠡᠢ᠌ᠴᠡᠭ᠍ᠰᠡᠨ ᠰᠤᠷᠭᠠᠨ ᠭᠦᠮᠦᠵᠢᠯ ᠤᠨ ᠪᠦᠭᠦᠯᠢ ᠴᠤᠭᠴᠠ ᠶᠢ ᠪᠦᠷᠢᠯᠳᠦᠭᠦᠯᠵᠤ ᠠᠪᠬᠤ ᠭᠡᠷᠡᠭ᠍ᠳᠡᠢ ᠴᠠᠭ ᠪᠣᠯᠤᠯ᠎ᠠ᠃ ᠦᠪᠡᠷ ᠶᠢᠡᠨ ᠮᠡᠳᠡᠭᠦ ᠦᠭᠡᠶ ᠪᠠᠢ᠌ᠭᠠᠤᠨ ᠪᠣᠰᠤᠳ ᠤᠨ ᠭᠢ ᠶᠢ ᠪᠠᠰᠠ ᠰᠤᠷᠬᠤ ᠦᠭᠡᠶ ᠨᠡᠷᠡᠰᠡᠭᠯᠡᠭᠦ ᠪᠣᠯ ᠰᠤᠷᠭᠠᠨ ᠭᠦᠮᠦᠵᠢᠯ ᠤᠨ ᠠᠵᠢᠯ ᠳ᠋ᠠᠭᠢ ᠶᠡᠭᠡ ᠴᠡᠭᠡᠷ ᠪᠣᠯᠤᠨ᠎ᠠ᠃

ᠥᠩᠭᠡᠷᠡᠭ᠍ᠰᠡᠨ ᠵᠢᠯ᠂ ᠶᠡᠭᠡ ᠰᠤᠷᠭᠠᠭᠤᠯᠢ ᠶᠢᠨ ᠫᠷᠤᠹᠧᠰᠰᠤᠷ ᠵᠠᠩ ᠱᠸᠤ ᠴᠢᠩ ᠠᠪᠣᠭᠠᠢ ᠶᠠᠫᠣᠨ ᠳᠤ ᠭᠦᠷᠴᠤ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠭᠠᠨ ᠭᠦᠮᠦᠵᠢᠯ ᠤᠨ ᠪᠠᠢ᠌ᠳᠠᠯ ᠢ ᠣᠢ᠌ᠯᠭᠠᠵᠤ ᠪᠠᠢ᠌ᠭᠠᠤᠨ ᠣᠯᠵᠤ ᠥᠵᠡᠭ᠍ᠰᠡᠨ ᠠᠶᠤᠩᠭ᠋ᠤᠷᠢ ᠳᠦᠷᠦᠭᠦᠯᠦᠮ᠎ᠡ ᠨᠢᠭᠡ ᠶᠠᠪᠣᠳᠠᠯ ᠶᠢᠡᠨ ᠳᠡᠮᠳᠡᠭᠯᠡᠭ᠍ᠰᠡᠨ ᠢ ᠡ᠊ᠨᠳᠡ ᠰᠡᠢ᠌ᠷᠡᠭᠦᠯᠦᠶ᠎ᠡ᠃ ᠶᠠᠫᠣᠨ ᠨᠢ ᠠᠽᠢᠶ᠎ᠠ ᠳᠢᠪ ᠲᠡᠭᠡᠨ ᠣᠷᠣᠢ᠌ᠯᠠᠬᠤ ᠭᠦᠭ᠍ᠵᠢᠭ᠍ᠰᠡᠨ ᠣᠯᠤᠰ ᠪᠣᠯᠬᠤ ᠪᠠᠷ ᠪᠠᠷᠠᠬᠤ ᠦᠭᠡᠶ᠂ ᠳᠡᠦᠭᠡᠨ ᠠᠰᠠᠭᠤᠳᠠᠯ ᠳᠡᠭᠡᠷ᠎ᠡ ᠶᠠᠷᠤᠨᠢ ᠥᠩᠭᠡᠷᠡᠭ᠍ᠰᠡᠨ ᠤ ᠶᠠᠯ᠎ᠠ ᠪᠠᠨ ᠪᠣᠯᠢᠬᠠᠢ᠌ᠯᠠᠨ ᠮᠠᠨ ᠤ ᠣᠯᠤᠰ ᠲᠡᠶ ᠵᠥᠷᠢᠴᠡᠯᠳᠦᠭ᠍ᠰᠡᠭᠡᠷ ᠢᠷᠠᠵᠠᠢ᠃ ᠳᠡᠭᠡᠭᠡᠤᠨ ᠳᠤᠰᠬᠠᠢ᠌ᠯᠠᠨ ᠳᠤᠮᠳᠠᠳᠤ ᠰᠤᠷᠭᠠᠭᠤᠯᠢ ᠶᠢᠨ ᠳᠡᠦᠭᠡ ᠶᠢᠨ ᠭᠢᠴᠢᠶᠠᠯ ᠢ ᠨᠢ ᠰᠤᠨᠤᠰᠴᠤ ᠭᠡᠨ᠎ᠡ᠃

ᠪᠠᠭᠰᠢ ᠡᠴᠡ ᠺᠤᠨ᠋ᠰᠫᠧᠺᠲ᠋ ᠪᠠᠨ ᠳᠡᠯᠭᠡᠵᠤ᠂ ᠳᠤᠮᠳᠠᠳᠤ ᠶᠠᠫᠣᠨ ᠬᠤᠶᠠᠷ ᠣᠯᠤᠰ ᠵᠠᠭᠤᠨ ᠵᠢᠯ ᠪᠣᠯᠬᠤ ᠪᠦᠷᠢ ᠨᠢᠭᠡ ᠣᠳᠠᠭ᠎ᠠ ᠳᠠᠢ᠌ᠳᠤᠭᠰᠠᠨ ᠢ ᠶᠡᠷᠢᠯ᠎ᠡ (ᠭᠦᠭᠡ ᠮᠤᠷᠢᠨ ᠵᠢᠯ ᠤᠨ ᠳᠠᠢ᠌ᠨ ᠪᠠ ᠨᠢ᠋ᠮᠠᠨ ᠵᠢᠯ ᠤᠨ ᠶᠠᠫᠣᠨ ᠢ ᠡᠰᠡᠷᠭᠦᠴᠡᠭᠦ ᠳᠠᠢ᠌ᠨ) ᠃ ᠳᠡᠭᠡᠭᠡᠤᠨ ᠦᠪᠡᠷ ᠤᠨ ᠳᠦᠷᠢᠮᠡᠭᠡᠢ᠌ᠯᠡᠭᠦ ᠳᠠᠢ᠌ᠨ ᠶᠢᠡᠨ ᠵᠦᠢ ᠶᠤᠰᠤᠨ ᠤ ᠴᠡᠷᠢᠭ᠍ᠵᠢᠯ ᠤᠨ ᠠᠵᠢᠯᠯᠠᠭ᠎ᠠ ᠪᠣᠯᠭᠠᠨ ᠳᠠᠢ᠌ᠯᠪᠣᠷᠢᠯᠠᠵᠤ ᠶᠠᠷᠢᠭᠰᠠᠨ ᠤ ᠳᠠᠷᠠᠭ᠎ᠠ᠂ ᠳᠠᠭᠢᠭᠠᠤᠨ ᠢᠷᠡᠭᠦ ᠳᠠᠢ᠌ᠨ ᠨᠢ ᠠᠯᠢ ᠣᠨ ᠳᠤ ᠶᠠᠮᠠᠷ ᠰᠢᠯᠳᠠᠭᠠᠨ ᠶᠢᠡᠷ ᠳᠠᠢ᠌ᠳᠤᠬᠤ᠂ ᠢᠯᠠᠵᠤ ᠢᠯᠠᠭᠳᠠᠬᠤ ᠶᠢᠨ ᠨᠥᠭᠦᠴᠡᠯ ᠪᠣᠯᠤᠮᠵᠢ ᠶᠢ ᠳᠠᠢ᠌ᠯᠪᠣᠷᠢᠯᠠ ᠭᠡᠰᠡᠨ ᠰᠠᠳᠤᠪ ᠭᠠᠷᠭᠠᠵᠤ ᠰᠤᠷᠤᠭᠴᠢᠳ ᠶᠢᠡᠷ ᠶᠠᠷᠢᠯᠴᠠᠭᠤᠯᠵᠠᠢ᠃ ᠡᠭᠦᠨ ᠳᠤ ᠨᠢᠭᠡ ᠡᠮᠡᠭ᠍ᠳᠡᠢ ᠰᠤᠷᠤᠭᠴᠢ ᠪᠣᠰᠴᠤ ᠵᠤᠭᠰᠤᠭᠠᠤᠨ᠄

《ᠳᠤᠮᠳᠠᠳᠤ ᠣᠯᠤᠰ ᠳᠠᠢ᠌ᠸᠠᠨ ᠢ ᠪᠣᠴᠠᠭᠠᠵᠤ ᠠᠪᠣᠭᠰᠠᠨ ᠤ ᠳᠠᠷᠠᠭ᠎ᠠ᠂ ᠵᠢᠯᠤᠩ ᠪᠣᠯᠤᠨ ᠭᠤᠤᠰᠢᠶᠦ᠋ᠩ ᠢ ᠪᠢᠳᠡᠭᠦᠮᠵᠢᠯᠡᠭᠦ ᠨᠢ ᠯᠠᠪᠳᠠᠢ᠃ ᠢᠩᠭᠢᠪᠠᠯ ᠳᠠᠢ᠌ᠸᠠᠨ ᠬᠤᠭᠤᠯᠠᠢ ᠨᠢ ᠳᠤᠮᠳᠠᠳᠤ ᠣᠯᠤᠰ ᠤᠨ ᠳᠤᠳᠤᠭᠠᠳᠤ ᠳᠠᠯᠠᠢ ᠪᠣᠯᠴᠢᠬᠤ ᠭᠡᠷᠡᠭ᠌᠃ ᠶᠠᠫᠣᠨ ᠤ ᠴᠢᠯᠠᠭᠤᠨ ᠳᠤᠰᠤᠨ ᠤ ᠢᠷᠠᠯᠳᠠ ᠪᠣᠯ ᠳᠤᠮᠳᠠᠳᠤ ᠳᠤᠷᠤᠨᠠᠳᠤ ᠪᠠᠢ᠌ᠵᠤ᠂ ᠫᠧᠷᠰ ᠤᠨ ᠪᠣᠯᠤᠩ ᠡᠴᠡ ᠭᠠᠷᠤᠭᠠᠤᠨ ᠡᠨᠡᠳᠭᠡᠭ᠌ ᠤᠨ ᠳᠠᠯᠠᠢ ᠶᠢ ᠭᠠᠳᠤᠯᠤᠨ ᠮᠠᠯᠤᠢᠱᠠ ᠬᠤᠭᠤᠯᠠᠢ ᠪᠠᠷ ᠳᠤᠮᠳᠠᠳᠤ ᠣᠯᠤᠰ ᠤᠨ ᠡᠮᠦᠨᠡᠳᠤ ᠳᠠᠯᠠᠢ ᠶᠢ ᠳᠤᠭᠤᠯᠤᠭᠠᠤᠨ ᠵᠠᠪᠠᠯ ᠳᠠᠢ᠌ᠸᠠᠨ ᠬᠤᠭᠤᠯᠠᠢ ᠶᠢ ᠥᠩᠭᠡᠷᠡᠭᠦ ᠭᠡᠷᠡᠭ᠍ᠳᠡᠢ᠃ ᠢᠩᠭᠢᠪᠠᠯ ᠳᠠᠢ᠌ᠸᠠᠨ ᠬᠤᠭᠤᠯᠠᠢ ᠶᠢ ᠳᠤᠭᠤᠯᠬᠤ ᠠᠰᠠᠭᠤᠳᠠᠯ ᠳᠡᠭᠡᠷ᠎ᠡ ᠵᠦᠷᠢᠴᠠᠯᠳᠤᠵᠤ᠂ ᠭᠡᠯᠡᠯᠴᠡᠭᠡᠷ ᠪᠦᠳᠦᠭᠦ ᠦᠭᠡᠶ ᠪᠣᠯᠤᠭᠰᠠᠭᠠᠷ ᠴᠢᠯᠡᠭᠡ ᠪᠠᠨ ᠳᠠᠢ᠌ᠯᠵᠤ ᠰᠠᠨᠠᠭ᠎ᠠ ᠪᠠᠨ ᠬᠠᠨᠤᠳᠠᠯ᠎ᠠ ᠵᠤᠳᠤᠯᠳᠠᠬᠤ ᠳᠤ ᠭᠦᠷᠦᠨ᠎ᠡ᠃ ᠡᠨᠡ ᠳᠠᠢ᠌ᠨ ᠨᠢ 2015 ᠊᠊᠊᠊᠊᠊᠊᠊᠊᠊᠊᠊᠊᠊᠊ 2020 ᠣᠨ ᠤ ᠬᠤᠭᠤᠷᠤᠠᠳᠤ ᠶᠠᠪᠣᠭᠳᠠᠵᠤ᠂ ᠳᠤᠮᠳᠠᠳᠤ ᠣᠯᠤᠰ ᠳᠠᠢ᠌ᠸᠠᠨ ᠬᠤᠭᠤᠯᠠᠢ ᠶᠢ ᠨᠠᠢ᠌ᠷ ᠳᠠᠯᠪᠢᠬᠤ ᠶᠠᠪᠣᠳᠠᠯ ᠶᠢᠡᠷ ᠳᠡᠭᠦᠰᠦᠨ᠎ᠡ》 ᠭᠡᠪᠡ᠃

ᠳᠠᠷᠠᠭ᠎ᠠ ᠨᠢ ᠥᠭᠡᠷ᠎ᠡ ᠭᠡᠳᠤᠨ ᠰᠤᠷᠤᠭᠴᠢ ᠪᠣᠰᠴᠤ ᠵᠤᠭᠰᠤᠭᠠᠤᠨ᠂ ᠳᠤᠮᠳᠠᠳᠤ ᠣᠯᠤᠰ ᠪᠣᠯ ᠠᠽᠢᠶ᠎ᠠ ᠳᠢᠪ ᠤᠨ ᠳᠡᠷᠢᠭᠦᠨ ᠶᠡᠭᠡ ᠠᠵᠤ ᠠᠬᠤᠢ ᠶᠢᠨ ᠵᠠᠬ᠎ᠠ ᠳᠡᠯᠭᠡᠭᠦᠷ ᠪᠣᠯᠬᠤ ᠳᠤᠯᠠ ᠳᠡᠭᠦᠨ ᠳᠤ ᠠᠵᠤ ᠠᠬᠤᠢ ᠶᠢᠨ ᠺᠤᠯᠤᠨᠢᠴᠢᠯᠠᠯ ᠶᠠᠪᠣᠭᠤᠯᠬᠤ ᠳᠤ ᠯᠠᠪ ᠠᠮᠠᠷᠬᠠᠨ ᠭᠦᠯᠢᠶᠡᠭᠦ ᠦᠭᠡᠶ ᠶᠤᠮ᠃ ᠢᠩᠭᠢᠪᠠᠯ ᠶᠠᠫᠣᠨ ᠶᠠᠯᠳᠠᠷ ᠬᠠᠶᠠᠬᠤ ᠦᠭᠡᠶ ᠶᠠᠢ᠌ᠷᠠᠳᠠᠯ᠎ᠠ ᠨᠢ ᠭᠢᠳᠤᠬᠤ ᠪᠣᠯᠤᠨ᠎ᠠ ᠭᠡᠵᠤ ᠢᠯᠠᠨ ᠳᠠᠯᠠᠨ ᠦᠭᠡᠶ ᠶᠠᠷᠢᠬᠤ ᠳᠤ᠂ ᠪᠠᠭᠰᠢ ᠨᠢ ᠳᠤᠯᠤᠭᠠᠢ ᠳᠤᠭᠢᠨ ᠰᠠᠢ᠌ᠰᠢᠶᠠᠵᠤ ᠭᠠᠷᠤᠯ᠎ᠠ᠃ ᠰᠤᠨᠤᠰᠤᠭᠠᠴᠢ᠂ ᠶᠠᠭᠠᠭᠢᠭᠰᠠᠨ ᠠᠶᠤᠮᠰᠢᠭᠳᠠᠢ ᠭᠢᠴᠢᠶᠡᠯᠯᠡᠭᠡ ᠪᠣᠢ︕

ᠡ᠊ᠨᠳᠡ ᠪᠢᠳᠠ ᠶᠠᠫᠣᠨ ᠤ ᠰᠤᠷᠭᠠᠨ ᠭᠦᠮᠦᠵᠢᠯ ᠤᠨ ᠲᠦᠷᠦ ᠶᠢᠨ ᠪᠣᠳᠤᠯᠭ᠎ᠠ ᠶᠢᠨ ᠵᠦᠪ ᠪᠣᠷᠤᠭᠤ ᠶᠢ ᠰᠢᠭᠦᠮᠵᠢᠯᠡᠭᠦ ᠪᠠᠨ ᠲᠦᠷ ᠵᠤᠭᠰᠤᠵᠤ ᠪᠠᠢ᠌ᠶ᠎ᠠ᠃ ᠳᠤᠮᠳᠠᠳᠤ ᠣᠯᠤᠰ ᠲᠤ᠂ ᠨᠢᠭᠡ ᠳᠤᠮᠳᠠᠳᠤ ᠰᠤᠷᠭᠠᠭᠤᠯᠢ ᠶᠢᠨ ᠰᠤᠷᠤᠭᠴᠢ ᠭᠡᠷᠪᠡ ᠭᠠᠳᠠᠭᠠᠳᠤ ᠲᠦᠷᠦ ᠶᠢᠨ ᠪᠣᠳᠤᠯᠭ᠎ᠠ ᠶᠢ ᠠᠮᠠᠨ ᠳᠠᠪᠠ ᠪᠠᠷ ᠶᠢᠡᠨ ᠰᠢᠭᠦᠮᠵᠢᠯᠡᠭᠦ ᠶᠤᠮ ᠪᠣᠯ ᠪᠦᠭᠦᠳᠡᠭᠡᠷ ᠳᠡᠭᠦᠨ ᠢ《ᠰᠤᠯᠢᠶᠠᠳᠤ》 ᠪᠠᠷ ᠥᠵᠡᠭᠦ ᠪᠣᠯᠤᠨ᠎ᠠ᠃ ᠡᠢ᠌ᠮᠦᠷᠭᠦ ᠰᠠᠳᠤᠪ ᠨᠢ ᠭᠢᠴᠢᠶᠠᠯ ᠤᠨ ᠪᠢᠴᠢᠭ᠌ ᠲᠤ ᠦᠭᠡᠶ ᠪᠠᠷ ᠪᠠᠷᠠᠬᠤ ᠦᠭᠡᠶ᠂ ᠡᠨᠡᠭᠦ ᠶᠠᠷᠢᠯᠴᠠᠭ᠎ᠠ ᠶᠢ ᠪᠠᠭᠰᠢ ᠳᠡᠮᠵᠢᠭᠦ ᠦᠭᠡᠶ ᠪᠦᠭᠡᠤᠨ ᠭᠡᠷ ᠤᠨ ᠠᠬᠠᠮᠠᠤᠨ ᠴᠤ ᠡᠰᠡᠷᠭᠦᠴᠡᠵᠤ 《ᠲᠦᠷᠦ ᠶᠢᠨ ᠳᠦᠯᠦᠭᠡ ᠳᠤᠤᠮᠠᠢ ᠵᠤᠪᠠᠯ᠎ᠠ》 ᠭᠡᠤᠨ ᠡᠯᠡᠭᠯᠡᠵᠤ ᠭᠠᠷᠤᠨ᠎ᠠ᠃ ᠣᠴᠢᠷ ᠨᠢ ᠡᠨᠡ ᠠᠰᠠᠭᠤᠳᠠᠯ ᠪᠣᠯ ᠭᠠᠳᠠᠭᠠᠳᠤ ᠶᠠᠪᠣᠳᠠᠯ ᠤᠨ ᠶᠠᠮᠤᠨ ᠤ ᠨᠤᠶᠠᠤᠨ ᠲᠦᠰᠢᠮᠠᠤᠨ ᠪᠣᠶᠤ᠂ ᠭᠠᠳᠠᠭᠠᠳᠤ ᠬᠠᠷᠢᠯᠴᠠᠭᠠᠨ ᠤ ᠰᠤᠳᠤᠯᠭᠠᠳᠠᠨ ᠨᠡᠷ ᠤᠨ ᠵᠥᠪᠯᠡᠭᠦ ᠠᠭᠤᠯᠭ᠎ᠠ ᠪᠣᠯᠬᠤ ᠡᠴᠡ ᠪᠢᠰᠢ᠂ ᠡᠩ ᠤᠨ ᠨᠢᠭᠡ ᠳᠤᠮᠳᠠᠳᠤ ᠰᠤᠷᠭᠠᠭᠤᠯᠢ ᠶᠢᠨ ᠰᠤᠷᠤᠭᠴᠢ ᠶᠢᠨ ᠰᠤᠳᠤᠯᠬᠤ ᠠᠰᠠᠭᠤᠳᠠᠯ ᠪᠢᠰᠢ ᠡ᠃ ᠳᠡᠭᠡᠪᠠᠯ ᠰᠤᠷᠤᠭᠴᠢ ᠪᠠᠷ ᠶᠠᠭᠤ ᠭᠢᠯᠭᠡᠳᠡᠭ᠌ ᠪᠣᠢ ᠭᠡᠪᠠᠯ᠂ ᠠᠯᠢ ᠣᠨ ᠳᠤ ᠶᠠᠮᠠᠷ ᠳᠠᠢ᠌ᠨ ᠡᠭᠦᠰᠦᠭ᠍ᠰᠡᠨ᠂ ᠭᠡᠳᠦᠢ ᠲᠦᠮᠡᠨ ᠯᠠᠩ ᠴᠠᠭᠠᠨ ᠮᠥᠩᠭᠦ ᠳᠦᠯᠦᠭ᠍ᠰᠡᠨ ᠮᠠᠳᠤ ᠶᠢᠨ ᠥᠩᠭᠡᠷᠡᠭ᠍ᠰᠡᠨ ᠶᠠᠪᠣᠳᠠᠯ ᠢ ᠥᠭᠦᠮᠡᠯ ᠶᠢᠡᠷ ᠴᠡᠭᠡᠵᠢᠯᠡᠭᠦᠯᠳᠡᠭ᠌ ᠪᠠᠢ᠌ᠨ᠎ᠠ᠃ ᠮᠠᠨ ᠤ ᠣᠯᠤᠰ ᠰᠤᠷᠭᠠᠨ ᠭᠦᠮᠦᠵᠢᠯ ᠤᠨ ᠬᠠᠷᠠᠯᠳᠠ ᠪᠠᠨ 《ᠥᠩᠭᠡᠷᠡᠭ᠍ᠰᠡᠨ ᠳᠤ ᠶᠠᠭᠠᠭᠢᠯ᠎ᠠ︖》 ᠭᠡᠳᠡᠭ᠌ ᠳᠡᠭᠡᠷ᠎ᠡ ᠳᠦᠪᠯᠡᠷᠡᠭᠦᠯᠵᠤ ᠪᠠᠢ᠌ᠬᠤ ᠳᠤ᠂ ᠶᠠᠫᠣᠠᠴᠤᠳ ᠬᠠᠷᠢᠨ 《ᠮᠠᠷᠭᠠᠰᠢ ᠶᠠᠭᠠᠭᠢᠨ᠎ᠠ︖》 ᠭᠡᠳᠡᠭ᠌ ᠲᠤ ᠣᠶᠤᠨ ᠶᠢᠡᠨ ᠰᠢᠪᠬᠠᠵᠤ ᠪᠠᠢ᠌ᠨ᠎ᠠ᠃ ᠦᠨᠡᠨ ᠳᠡᠭᠡᠨ ᠴᠤ ᠳᠠᠢ᠌ᠮᠤ ᠡ᠂ ᠥᠩᠭᠡᠷᠡᠭ᠍ᠰᠡᠨ ᠳᠤ ᠶᠠᠭᠠᠭᠢᠭᠰᠠᠨ ᠪᠣᠯ ᠶᠠᠭᠠᠭᠢᠭᠠᠤᠨ ᠪᠠᠷᠠᠴᠢᠬᠠᠭᠰᠠᠨ ᠭᠡᠷᠡᠭ᠌᠂ ᠳᠠᠢ᠌ᠮᠤ ᠠᠷᠪᠢᠨ ᠦᠤᠵᠤ ᠢᠯᠵᠢᠷᠡᠭ᠍ᠰᠡᠨ ᠥᠯᠢᠭᠡᠷ ᠶᠢᠡᠷ ᠳᠠᠷᠢᠭᠢ ᠳᠤᠯᠤᠭᠠᠢ ᠪᠠᠨ ᠳᠦᠭ᠍ᠵᠢᠭᠡᠤᠨ᠂ ᠮᠠᠷᠭᠠᠰᠢ ᠶᠠᠭᠠᠭᠢᠨ᠎ᠠ ᠭᠡᠳᠡᠭ᠌ ᠶᠢᠡᠨ ᠮᠡᠳᠡᠭᠦ ᠦᠭᠡᠶ 《ᠪᠢᠴᠢᠭ᠌ ᠤᠨ ᠮᠠᠩᠬᠤᠤ》 ᠪᠠᠷ ᠶᠠᠭᠤ ᠭᠢᠨ᠎ᠠ ᠪᠣᠢ︖

ᠰᠤᠷᠭᠠᠨ ᠭᠦᠮᠦᠵᠢᠯ ᠤᠨ ᠠᠵᠢᠯ ᠳᠤ ᠬᠠᠭᠠᠯᠭ᠎ᠠ ᠪᠠᠨ ᠳᠦᠭ᠍ᠵᠢᠭᠦ ᠪᠣᠯ ᠰᠤᠬᠤᠷ ᠭᠦᠮᠤᠨ ᠵᠠᠭᠠᠨ ᠳᠡᠮᠳᠡᠷᠢᠭ᠍ᠰᠡᠨ ᠲᠡᠶ ᠠᠳᠠᠯᠢ ᠶᠤᠮ᠃ ᠪᠠᠭᠰᠢ ᠨᠢ ᠵᠢᠭᠠᠬᠤ ᠳᠠᠪᠴᠠᠩ ᠳᠡᠭᠡᠷ᠎ᠡ ᠰᠢᠯᠤᠰᠤ ᠪᠠᠨ ᠥᠰᠦᠷᠭᠡᠨ ᠶᠠᠩᠰᠢᠵᠤ᠂ ᠰᠤᠷᠤᠭᠴᠢ ᠨᠢ ᠨᠢᠳᠤ ᠪᠠᠨ ᠠᠨᠢᠭᠠᠤᠨ ᠥᠭᠦᠮᠡᠯ ᠶᠢᠡᠷ ᠴᠡᠭᠡᠵᠢᠯᠡᠭᠦ ᠬᠠᠭᠤᠴᠢᠨ ᠠᠪᠳᠠᠯ ᠶᠢᠡᠨ ᠪᠠᠬᠠᠨ ᠥᠭᠡᠷᠡᠴᠢᠯᠡᠵᠤ᠂ ᠪᠣᠰᠤᠳ ᠤᠨ ᠳᠠᠪᠰᠢᠩᠭ᠋ᠤᠢ ᠳᠤᠷᠰᠢᠯᠭ᠎ᠠ ᠶᠢ ᠵᠢᠭᠡᠯᠡᠨ ᠰᠤᠷᠭᠠᠨ ᠭᠦᠮᠦᠵᠢᠯ ᠤᠨ ᠠᠷᠭ᠎ᠠ ᠭᠡᠯᠪᠠᠷᠢ ᠪᠠᠨ ᠬᠤᠪᠢᠷᠠᠭᠠᠵᠤ ᠪᠣᠯᠬᠤ ᠦᠭᠡᠶ ᠨᠢ ᠶᠠᠭᠠᠭᠢᠳᠠᠭ ᠶᠤᠮ︖ 《ᠪᠣᠰᠤᠳ ᠢ ᠳᠠᠭᠤᠷᠢᠶᠠᠯ᠎ᠠ》 ᠭᠡᠵᠤ ᠴᠢᠨᠤ ᠨᠢᠭᠤᠷ ᠢ ᠪᠠᠷᠠᠴᠢᠬᠤ ᠭᠡᠵᠢ ᠦᠦ︖ ᠭᠦᠮᠤᠨ ᠤ ᠮᠠᠷᠢ ᠪᠠᠭᠰᠢ ᠶᠢᠨ ᠳᠠᠰᠬᠠᠯ ᠭᠢᠨᠠᠬᠤ ᠶᠢ ᠥᠵᠡᠭᠡᠴᠢ᠂ ᠳᠦᠷᠪᠡᠨ ᠣᠢ᠌ᠯᠠᠳᠤᠯ ᠤᠨ ᠬᠤᠯᠢᠯᠳᠤᠭᠰᠠᠨ ᠪᠣᠳᠤᠯᠭ᠎ᠠ ᠶᠢᠨ ᠪᠣᠷᠤᠭᠤ ᠳ᠋ᠦ᠋ᠩ ᠭᠠᠷᠤᠭᠰᠠᠨ ᠨᠢᠭᠡ ᠳᠠᠰᠬᠠᠯ ᠢ ᠵᠦᠪ ᠳ᠋ᠦ᠋ᠩ ᠶᠢᠡᠷ ᠨᠢ ᠵᠠᠰᠠᠵᠤ ᠦᠭ‍ᠭᠦᠭᠡᠤᠨ ᠪᠦᠳᠦᠭᠦᠨ ᠭᠡᠭ᠍ᠴᠢ 《A》 ᠥᠰᠦᠭ᠌ ᠪᠢᠴᠢᠵᠤ ᠦᠭ‍ᠭᠦ ᠳᠤ ᠮᠠᠯ ᠭᠠᠢ᠌ᠬᠠᠬᠤ ᠦᠭᠡᠶ ᠭᠦᠮᠤᠨ ᠪᠠᠢ᠌ᠨ᠎ᠠ ᠦᠦ︖ ᠭᠡᠳᠡᠯ᠎ᠡ ᠮᠠᠷᠢ᠄

《ᠦᠷ᠎ᠡ ᠳ᠋ᠦᠩ ᠨᠢ ᠭᠡᠳᠥᠢᠪᠠᠷ ᠳᠠᠭᠠᠷᠠᠬᠤ ᠦᠭᠡᠶ ᠪᠣᠯᠪᠠᠴᠤ ᠪᠣᠳᠤᠬᠤ ᠠᠷᠭ᠎ᠠ ᠨᠢ ᠰᠢᠨ᠎ᠠ ᠰᠡᠪᠠᠭᠦᠭᠡᠨ᠂ ᠪᠣᠳᠤᠭᠰᠠᠨ ᠶᠠᠪᠣᠴᠠ ᠨᠢ ᠶᠡᠭᠡ ᠰᠥᠪᠠᠭ᠍ᠴᠢᠯᠡᠯᠳᠡ ᠲᠡᠶ ᠪᠠᠢ᠌ᠨ᠎ᠠ》 ᠭᠡᠵᠡᠢ᠃ ᠮᠠᠷᠢ ᠪᠣᠯ ᠠᠮᠸᠷᠢᠺᠠ ᠶᠢᠨ ᠯᠤᠰ ᠊᠊᠊᠊᠊᠊᠊᠊᠊᠊᠊᠊᠊᠊᠊ ᠠᠠᠵᠸᠯᠸᠰ ᠤᠨ ᠨᠢᠭᠡ ᠪᠠᠭ᠎ᠠ ᠰᠤᠷᠭᠠᠭᠤᠯᠢ ᠶᠢᠨ ᠳᠤᠭᠠᠨ ᠤ ᠪᠠᠭᠰᠢ ᠶᠤᠮ᠃ ᠳᠠᠷᠠ ᠭᠡᠳᠥᠢᠪᠠᠷ ᠪᠦᠭᠦ ᠠᠮᠸᠷᠢᠺᠠ ᠶᠢᠨ ᠰᠤᠷᠭᠠᠨ ᠭᠦᠮᠦᠵᠢᠯ ᠤᠨ ᠳᠦᠷᠭᠦ ᠪᠠᠢ᠌ᠳᠠᠯ ᠢ ᠳᠦᠯᠦᠭᠡᠯᠡᠵᠤ ᠳᠡᠢ᠌ᠯᠭᠦ ᠦᠭᠡᠶ ᠪᠣᠯᠪᠠᠴᠤ᠂ ᠠᠮᠸᠷᠢᠺᠠ ᠶᠢᠨ ᠭᠢᠨ ᠦᠷ᠎ᠡ ᠳ᠋ᠦ᠋ᠩ ᠢ ᠭᠡᠳᠦᠷᠭᠡᠢ ᠴᠢᠬᠤᠯᠠᠴᠢᠯᠠᠬᠤ ᠦᠭᠡᠶ᠂ ᠵᠥᠪᠭᠡᠨ ᠶᠠᠪᠣᠴᠠ ᠶᠢ ᠨᠢ ᠦᠵᠡᠵᠤ ᠰᠢᠨ᠎ᠠ ᠡᠭᠦᠳᠦᠯᠳᠡ ᠦᠪᠡᠷᠮᠢᠴᠠ ᠡᠷᠢᠯᠭᠢᠯᠡᠯ ᠢ ᠵᠤᠷᠢᠭᠵᠢᠭᠤᠯᠳᠠᠭ ᠭᠡᠭ᠍ᠴᠢ ᠶᠢ ᠦᠵᠡᠨ ᠭᠠᠷᠴᠤ ᠪᠣᠯᠤᠨ᠎ᠠ᠃ ᠭᠡᠳᠡᠯ᠎ᠡ ᠮᠠᠨ ᠤ ᠭᠢᠨ ᠭᠠᠭᠴᠡᠭᠦ 《ᠪᠠᠷᠢᠮᠵᠢᠶ᠎ᠠ ᠬᠠᠷᠢᠭᠤᠯᠳᠠ》 ᠭᠡᠭ᠍ᠴᠢ ᠪᠠᠨ ᠪᠠᠷᠢᠭᠠᠤᠨ ᠦᠷ᠎ᠡ ᠳ᠋ᠦ᠋ᠩ ᠢ ᠨᠢ ᠬᠠᠷᠭᠤᠭᠤᠯᠵᠤ ᠥᠵᠡᠭᠦ ᠡᠴᠡ ᠪᠢᠰᠢ ᠶᠠᠪᠣᠴᠠ ᠶᠢ ᠨᠢ ᠣᠭᠳᠤ ᠬᠠᠮᠢᠶᠠᠷᠬᠤ ᠦᠭᠡᠶ ᠠᠵᠢ᠃ ᠭᠦᠭ᠍ᠵᠢᠭ᠍ᠰᠡᠨ ᠪᠣᠶᠤ ᠬᠤᠴᠤᠷᠤᠭᠳᠠᠩᠭ᠋ᠤᠢ ᠶᠢᠨ ᠵᠦᠷᠢᠶ᠎ᠠ ᠨᠢ ᠮᠦᠨ ᠭᠦ ᠡ᠊ᠨᠳᠡ ᠪᠠᠢ᠌ᠨ᠎ᠠ᠃ ᠳᠡᠭᠡᠭᠦ ᠳᠤ ᠰᠤᠷᠭᠠᠨ ᠭᠦᠮᠦᠵᠢᠯ ᠤᠨ ᠠᠵᠢᠯ ᠳᠤ ᠶᠠᠪᠣᠴᠠ ᠪᠣᠯ 《ᠰᠤᠪᠣᠷᠭ᠎ᠠ》 ᠶᠢᠨ ᠰᠠᠭᠤᠷᠢ ᠪᠠᠢ᠌ᠵᠤ᠂ ᠶᠠᠪᠣᠴᠠ ᠨᠢ ᠠᠳᠠᠯᠢ ᠦᠭᠡᠶ ᠪᠠᠢ᠌ᠭᠰᠠᠨ ᠴᠤ ᠠᠷᠭ᠎ᠠ ᠨᠢ ᠵᠦᠪ ᠪᠠᠢ᠌ᠵᠤ ᠪᠣᠯᠬᠤ ᠶᠤᠮ᠂ ᠵᠠᠪᠠᠯ ᠨᠢᠭᠡᠭᠡᠨ ᠳ᠋ᠦ᠋ᠩ ᠶᠢᠡᠷ ᠳᠠᠰᠤᠯᠬᠤ ᠨᠢ ᠳᠠᠩᠴᠢ ᠥᠭᠦᠮᠡᠯ ᠵᠢᠭᠠᠬᠤ ᠠᠷᠭ᠎ᠠ ᠪᠢᠯᠠ᠃

《ᠭᠦᠮᠤᠨ ᠤ ᠶᠠᠪᠣᠳᠠᠯ ᠢ ᠰᠢᠡᠵᠢᠭᠡᠤᠨ ᠦᠪᠡᠷ ᠤᠨ ᠣᠢ᠌ᠯᠠ ᠪᠠᠨ ᠭᠢᠴᠢᠶᠠᠨ᠎ᠠ》 ᠭᠡᠭ᠍ᠴᠢ ᠮᠠᠨ ᠤ ᠳᠡᠭᠡᠳᠦᠰ ᠡᠴᠡ ᠪᠠᠨ ᠣᠯᠠᠮᠵᠢᠯᠠᠵᠤ ᠢᠷᠡᠭ᠍ᠰᠡᠨ ᠡᠷᠭᠢᠮ ᠣᠳᠤᠮᠰᠢᠯ ᠪᠣᠯᠤᠨ᠎ᠠ᠃ ᠪᠣᠰᠤᠳ ᠤᠨ ᠰᠤᠳᠤᠯᠵᠤ ᠭᠠᠷᠭᠠᠭᠰᠠᠨ ᠰᠢᠨ᠎ᠠ ᠮᠡᠷᠭᠡᠵᠢᠯ ᠶᠢᠡᠷ ᠪᠦᠳᠦᠭᠡᠭ᠍ᠳᠡᠭᠦᠨ ᠣᠢ᠌ᠯᠠᠤᠠᠪᠣᠷᠢᠯᠠᠵᠤ ᠵᠤᠭᠤᠰ ᠬᠤᠠᠵᠢᠬᠤ ᠪᠣᠯ ᠶᠠᠫᠣᠠᠴᠤᠳ ᠤᠨ ᠠᠮᠵᠢᠯᠳᠠ ᠣᠯᠤᠭᠰᠠᠨ ᠳᠤᠷᠰᠢᠯᠭ᠎ᠠ ᠪᠣᠯᠤᠨ᠎ᠠ᠃ ᠳᠡᠭᠡᠭᠦ ᠳᠤ ᠪᠢᠳᠠ ᠪᠣᠰᠤᠳ ᠤᠨ ᠳᠠᠪᠰᠢᠩᠭ᠋ᠤᠢ ᠠᠷᠭ᠎ᠠ ᠣᠬᠠᠭᠠᠨ ᠢ ᠵᠢᠭᠡᠯᠡᠵᠤ ᠰᠤᠷᠭᠠᠨ ᠭᠦᠮᠦᠵᠢᠯ ᠤᠨ ᠣᠳᠤᠭᠢ ᠪᠠᠢ᠌ᠳᠠᠯ ᠶᠢᠡᠨ ᠰᠠᠢ᠌ᠵᠢᠷᠠᠭᠤᠯᠵᠤ ᠪᠤᠯᠤᠯᠭᠦᠢ ᠶᠠᠭᠠᠭᠢᠬᠤᠪ︕ ᠳᠤᠤᠷ᠎ᠠ ᠪᠢᠳᠠ ᠸᠠᠰᠢᠩᠲ᠋ᠤᠨ ᠵᠸᠤ ᠶᠢᠨ ᠨᠢᠭᠡ ᠭᠢᠴᠢᠶᠠᠯ ᠣᠷᠤᠵᠤ ᠪᠠᠢ᠌ᠨ᠎ᠠ ᠭᠡᠵᠤ ᠢᠳᠠᠭᠡᠵᠤ ᠶᠠᠳᠠᠮᠠᠷ᠃ ᠭᠢᠴᠢᠶᠠᠯ ᠤᠨ ᠳᠠᠩᠭᠢᠮ ᠳᠠᠭᠠᠨ ᠨᠢᠭᠡ ᠴᠠᠢ᠌ᠶ‍ᠢᠤᠵᠢ ᠮᠠᠰᠢᠨ ᠢ ᠵᠠᠳᠠᠯᠤᠭᠠᠤᠨ᠂ ᠪᠠᠭᠰᠢ ᠰᠤᠷᠤᠭᠴᠢ ᠲᠡᠶ ᠪᠠᠨ ᠬᠠᠮᠳᠤ ᠪᠠᠷ ᠬᠠᠷ᠎ᠠ ᠭᠠᠷ ᠬᠠᠯᠳᠠᠷ ᠴᠢᠷᠠᠢ᠌ᠯᠠᠨ ᠳᠠᠭᠢᠨ ᠣᠭᠰᠤᠷᠴᠤ ᠪᠠᠢ᠌ᠯ᠎ᠠ᠃ ᠡᠢ᠌ᠮᠤ ᠭᠢᠴᠢᠶᠠᠯ ᠢ ᠰᠤᠨᠤᠰᠤᠭᠰᠠᠨ ᠰᠤᠷᠤᠭᠴᠢ ᠨᠡᠢ᠌ᠭᠡᠮ ᠳᠡᠭᠡᠷ᠎ᠡ ᠭᠠᠷᠤᠭᠰᠠᠨ ᠤ ᠬᠣᠢ᠌ᠨ᠎ᠠ᠂ ᠳᠤᠰᠬᠠᠢ ᠮᠡᠷᠭᠡᠵᠢᠯ ᠤᠨ ᠰᠤᠷᠭᠠᠭᠤᠯᠢ ᠳᠤ ᠰᠠᠭᠤᠬᠤ ᠦᠭᠡᠶ ᠪᠠᠷ ᠮᠠᠰᠢᠨ ᠵᠠᠰᠠᠵᠤ ᠴᠢᠳᠠᠬᠤ ᠪᠣᠯᠤᠨ᠎ᠠ᠃ ᠸᠠᠩᠴᠤᠭ ᠠᠬ᠎ᠠ ᠶᠢᠨ ᠳᠤᠮᠳᠠᠳᠤ ᠊ᠰᠤᠷᠭᠠᠭᠤᠯᠢ ᠳᠤ ᠰᠠᠭᠤᠭ᠎ᠠ ᠪᠠᠭ᠎ᠠ ᠭᠦᠤ ᠨᠢ ᠳᠠᠷᠬᠠᠯᠳᠠ ᠪᠠᠷ ᠢᠷᠡᠭᠦ ᠳᠤ᠂ ᠳᠷᠠᠺᠲ᠋ᠤᠷ ᠨᠢ ᠡᠪᠳᠡᠷᠡᠭᠡᠤᠨ ᠨᠤᠴᠤᠵᠤ ᠦᠭ‍ᠭᠦ ᠦᠭᠡᠶ ᠰᠠᠠᠳᠤᠷᠭᠠᠵᠤ ᠪᠠᠢ᠌ᠵᠠᠢ᠃ ᠭᠦᠤ ᠨᠢ᠄

《ᠶᠡᠭᠡ ᠠᠵᠠ ᠪᠣᠯᠤᠯ᠎ᠠ᠂ ᠪᠢᠳᠠ ᠰᠠᠶ‍ᠢᠬᠠᠨ ᠴᠠᠢ᠌ᠶ‍ᠢᠤᠵᠢ ᠶᠢᠨ ᠭᠡᠰᠡᠭ᠌ ᠢ ᠰᠤᠷᠴᠤ ᠪᠠᠷᠠᠭᠰᠠᠨ ᠴᠢᠨᠢ ᠡᠷᠳᠡᠮ ᠶᠢᠡᠨ ᠥᠵᠡᠭᠦᠯᠭᠦ ᠲᠤᠬᠢᠶᠠᠯ ᠳᠠᠭᠠᠷᠠᠵᠠᠢ᠂ ᠮᠢᠨᠤ ᠰᠤᠷᠤᠭᠰᠠᠨ ᠭᠢᠷᠢᠨ ᠳᠤ ᠴᠤ᠋ ᠰᠢᠨ᠎ᠠ ᠶᠢ ᠣᠭᠰᠠᠷᠠᠬᠤ ᠳᠤ ᠭᠦᠴᠢᠷᠳᠡᠭᠦ ᠶᠠᠭᠤᠮ᠎ᠠ ᠪᠠᠢ᠌ᠬᠤ ᠦᠭᠡᠶ》 ᠭᠡᠤᠨ ᠬᠠᠠᠴᠤᠢ ᠰᠢᠮᠠᠯᠠᠭᠠᠤᠨ ᠣᠷᠤᠵᠤ ᠭᠡᠨ᠎ᠡ᠃ ᠳᠡᠭᠡᠭ᠍ᠰᠡᠨ ᠴᠢᠨᠢ ᠣᠨᠤᠯ ᠪᠣᠯᠤᠨ ᠥᠢᠯᠡᠳᠦᠯᠭᠡ ᠳᠠᠭᠠᠷᠠᠵᠤ ᠦᠭ‍ᠭᠦ ᠦᠭᠡᠶ ᠰᠠᠠᠳᠤᠷᠭᠠᠵᠤ᠂ ᠪᠦᠳᠤᠨ ᠡᠳᠦᠷ ᠨᠤᠴᠤᠯᠳᠤᠭᠠᠤᠨ ᠥᠵᠦᠭᠦᠷ ᠭᠠᠷᠤᠭᠰᠠᠨ ᠦᠭᠡᠶ᠃ ᠡᠨᠡ ᠦᠶ᠎ᠡ ᠳᠤ ᠬᠠᠵᠠᠭᠤ ᠪᠠᠷ ᠨᠢ ᠭᠠᠷᠬᠤ ᠨᠢᠭᠡ ᠮᠠᠯᠴᠢᠨ ᠳᠤᠰᠤᠨ ᠰᠥᠷᠴᠢᠭᠦᠷ ᠤᠨ ᠥᠵᠦᠭᠦᠷ ᠢ ᠨᠢ ᠴᠡᠪᠠᠷᠯᠡᠭᠡᠤᠨ ᠳᠠᠭᠠᠷᠠᠭᠤᠯᠵᠤ ᠳᠠᠯᠪᠢᠭᠰᠠᠨ ᠳᠤ ᠳᠤᠤᠷ᠎ᠠ ᠪᠠᠨ ᠨᠤᠴᠤᠭᠰᠠᠨ ᠪᠠᠢ᠌ᠨ᠎ᠠ᠃ ᠳᠡᠭᠡᠭᠦ ᠳᠤ ᠳᠠᠷᠠ ᠮᠠᠯᠴᠢᠨ ᠥᠭᠡᠷ ᠤᠨ ᠴᠢᠨᠡᠭᠡ 《ᠥ》 ᠥᠰᠦᠭ᠌ ᠳᠠᠨᠢᠬᠤ ᠦᠭᠡᠶ ᠪᠣᠯᠪᠠᠴᠤ᠂ ᠣᠳᠠᠭᠠᠨ ᠵᠢᠯ ᠮᠠᠰᠢᠨ ᠣᠷᠤᠯᠳᠤᠭᠰᠠᠨ ᠪᠣᠯᠬᠤᠷ ᠬᠠᠮᠢᠭ᠎ᠠ ᠨᠢ ᠭᠡᠮ ᠭᠠᠷᠬᠤ ᠶᠢ ᠪᠠᠷᠤᠭᠯᠠᠵᠤ ᠪᠠᠢ᠌ᠭᠠᠤᠨ ᠮᠡᠳᠡᠴᠢᠳᠡᠭ᠌ ᠪᠠᠢ᠌ᠨ᠎ᠠ᠃ ᠭᠡᠳᠡᠯ᠎ᠡ ᠳᠠᠷᠠ ᠭᠦᠤ ᠬᠤᠭᠤᠰᠤᠨ ᠣᠨᠤᠯ ᠴᠡᠭᠡᠵᠢᠯᠡᠭ᠍ᠰᠡᠨ ᠪᠣᠯᠪᠠᠴᠤ ᠪᠣᠳᠠᠳᠠᠢ ᠮᠠᠰᠢᠨ ᠣᠯᠵᠤ ᠳᠡᠮᠳᠡᠷᠢᠭ᠍ᠰᠡᠨ ᠦᠭᠡᠶ ᠪᠠᠢ᠌ᠯ᠎ᠠ᠃ ᠳᠡᠭᠡᠭᠦ ᠳᠤ ᠮᠠᠨᠠᠢ᠌ᠭᠢᠨ ᠤ ᠶᠡᠭᠡ ᠭᠦᠴᠤ ᠵᠠᠷᠤᠴᠠᠭᠤᠯᠤᠨ ᠴᠢᠤᠠᠬᠤᠵᠤ ᠦᠭ‍ᠭᠦᠭ᠍ᠰᠡᠨ ᠡᠷᠳᠡᠮ ᠮᠡᠳᠡᠯᠭᠡ ᠨᠢ ᠨᠡᠢ᠌ᠭᠡᠮ ᠳᠡᠭᠡᠷ᠎ᠡ ᠭᠠᠷᠤᠭᠰᠠᠨ ᠤ ᠳᠠᠷᠠᠭ᠎ᠠ᠂ ᠭᠡᠳᠦᠢ ᠨᠢ ᠪᠣᠳᠠᠳᠤ ᠠᠮᠢᠳᠤᠷᠠᠯ ᠳᠤ ᠭᠡᠷᠡᠭᠯᠡᠭ᠍ᠳᠡᠵᠤ ᠪᠣᠯᠬᠤ ᠶᠢ ᠨᠢᠭᠳᠠᠯᠠᠵᠤ ᠥᠵᠡᠭᠦ ᠡᠴᠡ ᠰᠢᠷᠭᠡᠢ᠌ᠮᠡᠷ ᠰᠠᠨᠠᠭᠳᠠᠨ᠎ᠠ᠃ ᠶᠡᠭᠡ ᠰᠤᠷᠭᠠᠭᠤᠯᠢ ᠳᠡᠭᠦᠰᠦᠭ᠍ᠰᠡᠨ ᠨᠢᠭᠡ ᠰᠤᠷᠤᠭᠴᠢ ᠭᠡᠷ ᠲᠡᠭᠡᠨ ᠬᠠᠷᠢᠵᠤ ᠢᠷᠡᠭᠡᠤᠨ ᠴᠠᠭᠢᠯᠭᠠᠨ ᠳᠤᠭᠤᠭ᠎ᠠ ᠨᠢ ᠡᠪᠳᠡᠷᠡᠭ᠍ᠰᠡᠨ ᠳᠤ ᠬᠠᠮᠢᠭ᠎ᠠ ᠡᠴᠡ ᠨᠢ ᠭᠠᠷ ᠳᠦᠷᠢᠭᠦ ᠪᠠᠨ ᠣᠯᠬᠤ ᠦᠭᠡᠶ ᠪᠠᠢ᠌ᠪᠠ᠃ ᠭᠡᠯᠡᠭᠦ ᠳᠤ ᠵᠠᠰᠠᠪᠣᠷᠢᠴᠢᠨ ᠤ ᠳᠤᠰᠬᠠᠢ ᠮᠡᠷᠭᠡᠵᠢᠯ ᠲᠡᠶ ᠣᠢ᠌ᠷᠠᠳᠤᠭᠰᠠᠨ ᠦᠭᠡᠶ ᠭᠡᠳᠡᠭ᠌ ᠪᠣᠯᠪᠠᠴᠤ᠂ ᠳᠧᠭᠨᠢᠭ᠌ ᠮᠡᠷᠭᠡᠵᠢᠯ ᠭᠦᠭ᠍ᠵᠢᠭ᠍ᠰᠡᠨ ᠰᠢᠨ᠎ᠠ ᠡᠷᠡᠨ ᠤ ᠴᠠᠭᠢᠯᠭᠠᠨ ᠶ‍ᠢᠷᠳᠢᠠᠴᠤ ᠳᠤ ᠭᠠᠷ ᠥᠵᠦᠭᠦᠷ ᠤᠨ ᠪᠠᠭ᠎ᠠ ᠰᠠᠭ᠎ᠠ ᠴᠠᠭᠢᠯᠭᠠᠨ ᠭᠡᠷᠡᠭ᠍ᠰᠡᠯ ᠶᠢᠡᠨ ᠴᠤ ᠵᠠᠰᠠᠨ ᠭᠡᠷᠡᠭᠯᠡᠵᠤ ᠴᠢᠳᠠᠬᠤ ᠦᠭᠡᠶ 《ᠣᠶᠤᠳᠠᠨ》 ᠢ ᠳᠤᠰᠬᠠᠢ᠌ᠯᠠᠨ ᠣᠨᠤᠯ ᠶᠠᠷᠢᠬᠤ ᠪᠠᠷ ᠭᠦᠮᠦᠵᠢᠭᠦᠯᠦᠭ᠍ᠰᠡᠨ ᠭᠡᠵᠢ ᠦᠦ︖ ᠡᠨᠡ ᠪᠣᠯ ᠪᠠᠭ᠎ᠠ ᠣᠴᠢᠷ ᠶᠢᠡᠷ ᠵᠢᠱᠢᠶ᠎ᠠ ᠳᠠᠳᠠᠭᠰᠠᠨ ᠳᠠᠳᠤᠢ᠂ ᠳᠠᠭᠠᠭᠤᠯᠡᠷ ᠮᠠᠨ ᠤ ᠣᠯᠤᠰ ᠶᠡᠭᠡ ᠳᠤᠭᠠᠨ ᠤ ᠴᠢᠳᠠᠪᠣᠷᠢᠳᠠᠨ ᠳᠤᠳᠠᠭᠳᠠᠵᠤ ᠪᠠᠢ᠌ᠳᠠᠯ᠎ᠠ ᠪᠠᠨ᠂ ᠨᠥᠭᠦᠭᠡ ᠳᠠᠯ᠎ᠠ ᠪᠠᠷ ᠶᠡᠭᠡ ᠭᠡᠮᠵᠢᠶᠡᠨ ᠤ ᠶᠡᠭᠡ ᠰᠤᠷᠭᠠᠭᠤᠯᠢ ᠳᠡᠭᠦᠰᠦᠭ᠍ᠰᠡᠨ ᠰᠤᠷᠤᠭᠴᠢ ᠠᠵᠢᠯ ᠣᠯᠬᠤ ᠦᠭᠡᠶ ᠥᠵᠡᠭ᠍ᠳᠡᠯ ᠨᠢ ᠳᠦᠭᠡᠮᠡᠯ ᠣᠷᠤᠰᠢᠬᠤ ᠪᠣᠯᠪᠠ᠃ ᠡᠢ᠌ᠮᠦᠷᠭᠦ ᠰᠤᠷᠭᠠᠨ ᠭᠦᠮᠦᠵᠢᠯ ᠨᠢ ᠵᠠᠬ᠎ᠠ ᠳᠡᠯᠭᠡᠭᠦᠷ ᠲᠡᠶ ᠠᠮᠠ ᠰᠡᠭᠡᠷ ᠵᠠᠯᠭᠠᠬᠤ ᠦᠭᠡᠶ ᠭᠠᠵᠢᠭ ᠥᠵᠡᠭ᠍ᠳᠡᠯ ᠢ ᠪᠣᠢ ᠪᠣᠯᠭᠠᠵᠤ᠂ ᠨᠡᠢ᠌ᠭᠡᠮ ᠤᠨ ᠪᠣᠳᠠᠰ ᠤᠨ ᠭᠦᠴᠤ ᠪᠠ ᠴᠢᠳᠠᠪᠣᠷᠢᠳᠠᠨ ᠤ ᠡᠭᠢ ᠪᠠᠶᠠᠯᠢᠭ ᠢ ᠳᠠᠯᠠᠭᠠᠷ ᠰᠥᠢᠦᠡᠭᠡᠨ᠂ ᠣᠢ᠌ᠯᠠᠤᠠᠪᠣᠷᠢᠯᠠᠯ ᠤᠨ ᠭᠦᠴᠤᠨ ᠤ ᠭᠦᠭ᠍ᠵᠢᠯᠳᠡ ᠶᠢ ᠶᠡᠭᠡᠪᠠᠷ ᠬᠠᠷᠰᠢᠯᠠᠬᠤ ᠳᠤ ᠭᠦᠷᠭᠡᠵᠤ ᠪᠠᠢ᠌ᠨ᠎ᠠ᠃ ᠡᠢ᠌ᠮᠤ ᠡᠴᠡ ᠰᠤᠷᠭᠠᠨ ᠭᠦᠮᠦᠵᠢᠯ ᠤᠨ ᠥᠭᠡᠷᠡᠴᠢᠯᠡᠯᠳᠡ ᠳᠤ ᠦᠨᠳᠦᠰᠦᠨ ᠬᠤᠪᠢᠷᠠᠯᠳᠠ ᠭᠠᠷᠭᠠᠬᠤ ᠨᠢ ᠮᠠᠨ ᠤ ᠨᠢᠳᠤᠨ ᠡᠮᠦᠨᠡᠭᠢ ᠳᠡᠷᠢᠭᠦᠨ ᠴᠢᠬᠤᠯᠠ ᠠᠰᠠᠭᠤᠳᠠᠯ ᠪᠣᠯᠤᠭᠠᠤᠨ ᠪᠠᠢ᠌ᠨ᠎ᠠ᠃

ᠪᠠᠢ᠌ᠭᠠᠯᠢ ᠶᠢᠨ ᠳᠠᠨᠢᠯᠳᠠ᠂ ᠰᠢᠡᠵᠢᠯᠡᠭᠦ ᠣᠬᠠᠭᠠᠨ ᠤ ᠳᠠᠪᠰᠢᠯᠳᠠ ᠡᠳᠦᠷ ᠢᠷᠡᠭᠦᠶ᠎ᠡ ᠥᠡᠳᠦᠷᠵᠢᠭᠦ ᠶᠢ ᠳᠠᠭᠠᠯᠳᠤᠨ ᠥᠩᠭᠡᠷᠡᠭ᠍ᠰᠡᠨ ᠳᠤ ᠮᠠᠨ ᠤ ᠰᠢᠳᠤᠵᠤ ᠪᠠᠢ᠌ᠭᠰᠠᠨ ᠳᠡᠷᠡᠭᠦ 《ᠦᠨᠡᠨ ᠶᠤᠰᠤ》 ᠂ 《ᠮᠥᠩᠭᠡ ᠳᠦᠷᠢᠮ》 ᠨᠢ ᠰᠢᠨ᠎ᠠ ᠳᠠᠨᠢᠯᠳᠠ ᠡᠭᠦᠳᠦᠯᠳᠡ ᠳᠤ ᠭᠡᠮ ᠳᠤᠳᠠᠭᠳᠠᠯ ᠶᠢᠡᠨ ᠢᠯᠡᠴᠢᠯᠡᠭᠦᠯᠵᠤ᠂ ᠭᠦᠮᠦᠰ ᠤᠨ ᠰᠡᠳᠭᠢᠭᠦᠢ ᠶᠢ ᠭᠦᠯᠢᠶᠡᠰᠦᠯᠡᠭ᠍ᠰᠡᠨ 《ᠭᠡᠦᠭᠡᠯᠳᠡᠢ ᠬᠠᠯᠢᠰᠤ》 ᠪᠣᠯᠬᠤ ᠪᠠᠨ ᠳᠠᠨᠢᠭᠳᠠᠨ᠎ᠠ᠃ ᠡᠭᠦᠨ ᠢ ᠪᠢᠳᠠ ᠵᠥᠪᠭᠡᠨ ᠡᠷᠢᠯᠭᠢᠯᠡᠯ ᠰᠢᠨᠠᠴᠢᠯᠠᠯ ᠤᠨ 《ᠬᠤᠷᠴᠠ ᠰᠥᠭᠡ》 ᠪᠠᠷ ᠬᠠᠭᠠᠯᠵᠤ ᠬᠠᠶᠠᠭᠠᠤᠨ ᠪᠠᠶ᠎ᠠ ᠰᠠᠤᠠᠭᠢᠯ ᠶᠢᠡᠨ ᠰᠤᠭᠤᠯᠠᠭᠠᠤᠨ ᠠᠪᠣᠪᠠᠯ ᠰᠠ‍‌ᠶᠢ ᠰᠢᠨ᠎ᠠ ᠨᠢᠭᠡᠨ ᠶ‍ᠢᠷᠳᠢᠠᠴᠤ ᠳᠤ ᠨᠢᠰᠤᠨ ᠭᠦᠷᠭᠦ ᠪᠣᠯᠳᠠᠭ᠃ ᠪᠢᠳᠠ ᠶᠠᠫᠣᠨ ᠢ ᠳᠠᠭᠤᠷᠢᠶᠠᠵᠤ ᠦᠷ᠎ᠡ ᠬᠣᠢ᠌ᠴᠢᠰ ᠶᠢᠡᠨ ᠡᠵᠡᠷᠭᠡᠭ᠌ ᠳᠦᠷᠢᠮᠡᠭᠡᠢ ᠶᠤᠰᠤ ᠪᠠᠷ ᠭᠦᠮᠦᠵᠢᠭᠦᠯᠭᠦ ᠦᠭᠡᠶ ᠪᠣᠯᠪᠠᠴᠤ᠂ ᠥᠩᠭᠡᠷᠡᠭ᠍ᠰᠡᠨ ᠤ ᠥᠵᠢᠷᠡᠭ᠍ᠰᠡᠨ ᠳᠡᠦᠭᠡ ᠪᠣᠶᠤ ᠠᠷᠠᠤᠨ ᠤᠨ ᠠᠮᠢᠳᠤᠷᠠᠯ ᠲᠡᠶ ᠳᠠᠮᠠᠢ ᠬᠤᠯᠪᠣᠭᠳᠠᠯ ᠦᠭᠡᠶ ᠵᠣᠢ᠌ᠯᠠᠰ ᠢ ᠠᠯᠪᠠ ᠪᠠᠷ ᠴᠡᠭᠡᠵᠢᠯᠡᠭᠦᠯᠭᠦ ᠶᠢᠨ ᠣᠷᠤᠨ ᠳᠤ 《ᠮᠠᠷᠭᠠᠰᠢ ᠶᠠᠭᠠᠭᠢᠪᠠᠯ ᠵᠤᠭᠢᠬᠤ ᠳᠤᠬᠠᠢ》 ᠢᠯᠡᠭᠦᠭᠡᠨ ᠬᠠᠢ᠌ᠨ ᠰᠥᠪᠠᠭ᠍ᠴᠢᠯᠡᠯᠳᠡ ᠭᠢᠯᠭᠡᠵᠤ᠂ ᠣᠯᠤᠰ ᠦᠨᠳᠦᠰᠦᠳᠠᠨ ᠤ ᠭᠦᠭ᠍ᠵᠢᠯ ᠪᠠᠳᠠᠷᠠᠯ ᠳᠤ ᠢᠯᠡᠭᠦᠭᠡᠨ ᠰᠠᠤᠠᠭᠢᠯ ᠳᠠᠯᠪᠢᠭᠤᠯᠤᠨ᠂ ᠠᠰᠠᠭᠤᠳᠠᠯ ᠢ ᠰᠢᠠᠵᠢᠯᠠᠨ ᠰᠠᠳᠤᠪ ᠵᠠᠳᠠᠯᠠᠬᠤ ᠳᠠᠭᠠᠨ ᠠᠳᠠᠯᠢ ᠪᠣᠰᠤ ᠬᠠᠷᠠᠭᠠᠨ ᠴᠡᠭ᠌ ᠡᠴᠡ ᠠᠮᠢᠳᠤᠯᠢᠭ ᠰᠡᠳᠭᠢᠭᠦ ᠠᠷᠭ᠎ᠠ ᠣᠭᠭᠠᠨ ᠢ ᠭᠦᠢᠴᠡᠳ ᠡᠵᠡᠮᠰᠢᠭᠦᠯᠪᠠᠯ ᠵᠤᠭᠢᠨ᠎ᠠ᠃ ᠮᠠᠨ ᠤ ᠣᠯᠤᠰ ᠤᠨ ᠠᠵᠤ ᠠᠬᠤᠢ ᠶᠢᠨ ᠰᠠᠭᠤᠷᠢ ᠨᠢᠮᠭᠡᠨ᠂ ᠭᠢᠴᠢᠶᠡᠯᠯᠡᠭᠦ ᠨᠥᠭᠦᠴᠡᠯ ᠶᠢᠡᠷ ᠪᠠᠷᠤᠭᠳᠠᠢ ᠳᠤᠯᠠ᠂ ᠰᠤᠷᠤᠭᠴᠢ ᠪᠦᠭᠦᠨ ᠢ ᠰᠠᠠᠰᠠᠷ ᠤᠨ ᠭᠦᠯᠭᠡ ᠣᠩᠭ᠋ᠤᠴᠠᠨ ᠤ ᠵᠠᠭᠪᠣᠷ ᠶᠢᠡᠷ 《ᠬᠤᠧᠨ ᠯᠥᠸᠧ ᠭᠧᠩ》 ᠂ 《ᠧᠳᠢᠰᠤᠨ》 ᠢ ᠭᠦᠮᠦᠵᠢᠭᠦᠯᠭᠦ ᠭᠡᠵᠤ ᠭᠦᠴᠦᠯᠡᠭᠦ ᠶᠢᠨ ᠠᠯᠪᠠ ᠦᠭᠡᠶ ᠪᠣᠯᠪᠠᠴᠤ᠂ ᠨᠠᠭᠠᠳᠤ ᠵᠠᠬ᠎ᠠ ᠳᠠᠭᠠᠨ ᠡᠳᠦᠷ ᠳᠤᠳᠤᠮ ᠤᠨ ᠴᠠᠭᠢᠯᠭᠠᠨ ᠭᠡᠷᠡᠭ᠍ᠰᠡᠯ ᠢ ᠪᠠᠭᠳᠠᠭᠠᠭᠰᠠᠨ ᠳᠠᠷᠢᠶᠠᠯᠠᠩ ᠠᠵᠤ ᠣᠢ᠌ᠯᠠᠤᠠᠪᠣᠷᠢ ᠶᠢᠨ ᠭᠡᠷᠡᠭᠯᠡᠭᠡᠨ ᠤ ᠮᠡᠷᠭᠡᠵᠢᠯ ᠢ ᠡᠵᠡᠮᠰᠢᠭᠦᠯᠵᠤ ᠴᠢᠳᠠᠭᠰᠠᠨ ᠪᠠᠢ᠌ᠬᠤ ᠭᠡᠷᠡᠭ᠍ᠳᠡᠢ᠃ ᠰᠤᠶᠤᠯ ᠭᠦᠷᠳᠡᠭ᠍ᠰᠡᠨ ᠭᠦᠮᠤᠨ ᠪᠣᠯᠭᠠᠨ ᠠᠯᠪᠠᠨ ᠳᠤᠰᠢᠶᠠᠯᠳᠠᠨ ᠪᠣᠶᠤ ᠢᠨᠵᠧᠨᠧᠷ ᠪᠣᠯᠬᠤ ᠶᠢᠨ ᠪᠣᠯᠤᠯᠴᠠᠭ᠎ᠠ ᠦᠭᠡᠶ ᠳᠤᠯᠠ᠂ ᠭᠡᠷ ᠲᠡᠭᠡᠨ ᠬᠠᠷᠢᠵᠤ ᠠᠮᠢᠳᠤᠷᠠᠯ ᠪᠣᠰᠬᠠᠬᠤ ᠳᠠᠭᠠᠨ ᠶᠠᠮᠠᠷ ᠠᠵᠢᠯ ᠢ ᠨᠢ ᠴᠤ ᠭᠢᠭᠡᠤᠨ ᠴᠢᠳᠠᠬᠤ ᠣᠷ᠎ᠠ ᠮᠡᠷᠭᠡᠵᠢᠯ ᠲᠡᠶ ᠪᠣᠯᠭᠠᠭᠰᠠᠨ ᠪᠠᠢ᠌ᠪᠠᠯ᠂ ᠰᠤᠷᠭᠠᠨ ᠭᠦᠮᠦᠵᠢᠯ ᠤᠨ ᠠᠵᠢᠯ ᠰᠠ‍‌ᠶᠢ ᠵᠢᠩᠭᠢᠨᠢ ᠪᠠᠶᠠᠯᠠᠯ ᠶᠢᠡᠨ ᠣᠯᠤᠭᠰᠠᠨ ᠳᠤ ᠳᠤᠭᠠᠴᠠᠭᠳᠠᠨ᠎ᠠ᠃ ᠣᠯᠠᠩᠭᠢ ᠳᠤᠭᠠᠨ ᠤ ᠭᠦᠳᠡᠭᠡᠨ ᠤ ᠭᠦᠮᠤᠨ 《ᠪᠢᠴᠢᠭ᠌ ᠥᠵᠡᠭᠡᠤᠨ ᠥᠵᠦᠭᠦᠷ ᠭᠠᠷᠬᠤ ᠦᠭᠡᠶ ᠪᠣᠯ ᠠᠮᠢᠳᠤᠷᠠᠯᠭ᠎ᠠ ᠴᠤ ᠭᠢᠵᠤ ᠴᠢᠳᠠᠬᠤ ᠦᠭᠡᠶ ᠭᠡᠷᠡᠭ᠌ ᠦᠭᠡᠶ ᠭᠦᠮᠤᠨ ᠪᠣᠯᠤᠨ᠎ᠠ ᠰᠢᠤ》 ᠭᠡᠤᠨ ᠳᠡᠭᠡᠳᠤ ᠰᠤᠷᠭᠠᠭᠤᠯᠢ ᠳᠤ ᠰᠠᠭᠤᠯᠭᠠᠬᠤ ᠠᠰᠠᠭᠤᠳᠠᠯ ᠳᠡᠭᠡᠷ᠎ᠡ ᠶᠡᠭᠡ ᠭᠢᠨᠠᠮᠠᠭᠠᠢ ᠣᠷᠤᠳᠠᠭ ᠨᠢ ᠰᠢᠯᠳᠠᠭᠠᠨ ᠦᠭᠡᠶ ᠪᠢᠰᠢ ᠶᠤᠮ᠃ ᠳᠡᠭᠡᠭᠦ ᠳᠤ ᠮᠠᠨ ᠤ ᠰᠤᠷᠭᠠᠨ ᠭᠦᠮᠦᠵᠢᠯ ᠴᠢᠨᠢ ᠡᠭᠦᠳᠡ ᠪᠠᠨ ᠳᠠᠷᠤᠭᠠᠤᠨ ᠭᠡᠦᠭᠡᠤᠨ ᠲᠤ ᠡᠳᠦᠷ ᠡᠳᠦᠷ ᠳᠠᠷᠢᠭᠢ ᠳᠤᠯᠤᠭᠠᠢ ᠳ᠋ᠤᠨᠢ ᠡᠨᠡ 《ᠳᠦᠷᠢᠮ》 ᠪᠢᠰᠢ ᠪᠣᠯ ᠳᠠᠢ᠌ᠮᠤ 《ᠳᠤᠮᠢᠶ᠎ᠠ》 ᠴᠢᠭᠢᠭᠦ ᠪᠠᠷ ᠠᠳᠠᠯ ᠶᠢᠡᠨ ᠪᠣᠯᠭᠠᠭᠰᠠᠨ ᠡᠴᠡ ᠪᠢᠰᠢ᠂ ᠰᠤᠷᠭᠠᠭᠤᠯᠢ ᠶᠢᠨ ᠭᠦᠷᠢᠶᠡᠨ ᠡᠴᠡ ᠪᠠᠨ ᠭᠠᠷᠪᠠᠯ ᠶᠠᠭᠠᠭᠢᠵᠤ ᠠᠮᠢᠳᠤᠷᠠᠬᠤ ᠶᠢ ᠨᠢ ᠶᠠᠭ ᠬᠠᠮᠢᠶᠠᠷᠬᠤ ᠦᠭᠡᠶ ᠠᠵᠢ︕ ᠳᠡᠭᠡᠭᠦ ᠳᠡᠭᠡᠨ ᠡᠳᠡᠭᠡᠷ ᠳᠦᠷᠢᠮ ᠳᠤᠮᠢᠶ᠎ᠠ ᠨᠢ ᠦᠨᠳᠦᠷ ᠮᠡᠷᠭᠡᠵᠢᠯ ᠤᠨ ᠪᠣᠱᠤᠭ ᠢ ᠳᠠᠪᠠᠬᠤ ᠰᠠᠭᠤᠷᠢ ᠪᠣᠯᠬᠤ ᠨᠢ ᠳᠠᠮᠵᠢᠭ ᠦᠭᠡᠶ ᠪᠣᠯᠪᠠᠴᠤ᠂ ᠣᠯᠠᠩᠭᠢ ᠰᠤᠷᠤᠭᠴᠢᠳ ᠤᠨ ᠠᠮᠢᠳᠤᠷᠠᠨ ᠳᠤᠭᠳᠠᠨᠢᠬᠤ ᠪᠣᠳᠠᠳᠠᠢ ᠠᠰᠠᠭᠤᠳᠠᠯ ᠢ ᠰᠢ᠌ᠤᠠᠪᠣᠷᠢᠯᠠᠨ ᠥᠭ᠍ᠴᠤ ᠴᠢᠳᠠᠬᠤ ᠦᠭᠡᠶ᠃ ᠵᠢᠭᠠᠭᠰᠠᠨ ᠶᠠᠭᠤᠮᠠᠰ ᠨᠢ ᠡᠳᠦᠷ ᠳᠤᠳᠤᠮ ᠤᠨ ᠠᠮᠢᠳᠤᠷᠠᠯ ᠳᠤ ᠭᠡᠷᠡᠭᠯᠡᠭ᠍ᠳᠡᠭᠦ ᠦᠭᠡᠶ ᠶᠤᠮ ᠪᠣᠯ ᠵᠢᠭᠠᠭᠰᠠᠨ ᠪᠦᠭᠦᠨ ᠴᠢᠨᠢ ᠭᠡᠷᠡᠭ᠌ ᠦᠭᠡᠶ ᠭᠡᠢ ᠨᠤᠮᠯᠠᠯ ᠪᠣᠯᠤᠨ᠎ᠠ᠃ ᠡᠨᠡ ᠨᠢ ᠰᠤᠷᠤᠭᠴᠢᠳ ᠢ ᠳᠠᠩ ᠭᠠᠭᠴᠠ ᠳᠤᠰᠬᠠᠢ ᠮᠡᠷᠭᠡᠵᠢᠯ ᠰᠤᠷᠭᠠᠨ᠎ᠠ ᠭᠡᠰᠡᠨ ᠶᠠᠪᠣᠳᠠᠯ ᠪᠢᠰᠢ᠂ ᠨᠠᠩ ᠴᠢᠨᠠᠭᠰᠢᠯᠠᠭᠠᠤᠨ ᠨᠡᠢ᠌ᠭᠡᠮ ᠤᠨ ᠰᠢᠡᠵᠢᠯᠡᠭᠦ ᠣᠬᠠᠭᠠᠨ ᠢ ᠣᠷᠭᠢᠭᠠᠤᠨ ᠪᠠᠢ᠌ᠭᠠᠯᠢ ᠶᠢᠨ ᠰᠢᠡᠵᠢᠯᠡᠭᠦ ᠣᠬᠠᠭᠠᠨ ᠢ ᠰᠤᠷᠤᠯᠴᠠᠭᠤᠯᠤᠨ᠎ᠠ ᠭᠡᠰᠡᠨ ᠶᠠᠪᠣᠳᠠᠯ ᠪᠢᠰᠢ᠃ ᠰᠤᠷᠭᠠᠨ ᠭᠦᠮᠦᠵᠢᠯ ᠨᠢ ᠡᠷᠭᠡᠪᠰᠢ ᠬᠠᠷᠠᠯᠳᠠ ᠲᠡᠶ ᠭᠦᠮᠦᠵᠢᠭᠦᠯᠭᠦ᠂ ᠠᠮᠢᠳᠤᠷᠠᠯ ᠤᠨ ᠭᠡᠷᠡᠭ᠍ᠴᠡᠭᠡᠨ ᠳᠤ ᠳᠤᠭᠢᠷᠠᠭᠤᠯᠬᠤ ᠴᠢᠬᠤᠯᠠ ᠴᠢᠨᠠᠷ ᠢ ᠶᠠᠷᠢᠭᠰᠠᠨ ᠪᠠᠢ᠌ᠭ᠎ᠠ ᠶᠤᠮ᠃ ᠡᠢ᠌ᠮᠤ ᠪᠠᠢ᠌ᠳᠠᠯ᠎ᠠ ᠪᠠᠨ ᠠᠷᠭ᠎ᠠ ᠪᠠᠷᠢᠯ ᠶᠢᠡᠨ ᠥᠭᠡᠷᠡᠴᠢᠯᠡᠭᠦ ᠦᠭᠡᠶ᠂ ᠪᠠᠭᠰᠢ ᠶᠢᠨ ᠡᠩᠨᠡᠭᠡ ᠪᠠᠨ ᠭᠦᠴᠦᠷᠭᠡᠭ᠍ᠵᠢᠭᠦᠯᠭᠦ ᠣᠬᠠᠭᠠᠨ ᠪᠣᠳᠤᠯᠭᠢᠯᠠᠬᠤ ᠦᠭᠡᠶ ᠶᠤᠮ ᠴᠢᠨᠢ ᠶᠠᠭᠠᠭᠢᠵᠤ ᠦᠨᠳᠦᠰᠦᠨ ᠬᠤᠪᠢᠷᠠᠯᠳᠠ ᠭᠠᠷᠬᠤ ᠪᠢᠯᠠ︕ ᠠᠳᠠᠭ ᠲᠠᠭᠠᠨ ᠭᠠᠷ ᠳ᠋ᠸᠩ᠂ ᠴᠠᠭᠢᠯᠭᠠᠨ ᠬᠠᠢ᠌ᠴᠢ ᠪᠠᠨ ᠴᠤ ᠵᠠᠰᠠᠵᠤ ᠴᠢᠳᠠᠬᠤ ᠦᠭᠡᠶ ᠹᠢᠽᠢᠺ ᠤᠨ ᠪᠠᠭᠰᠢ ᠵᠠᠬ᠎ᠠ ᠡᠴᠡ ᠪᠠᠨ ᠣᠯᠠᠨ ᠪᠠᠢ᠌ᠭᠠᠤᠨ ᠭᠦᠮᠤᠨ ᠤ ᠭᠡᠦᠭᠡᠤᠨ ᠲᠤ ᠶᠠᠭᠤ ᠪᠠᠨ ᠵᠢᠭᠠᠳᠠᠭ ᠪᠣᠢ︖ ᠬᠤᠴᠤᠷᠤᠭᠳᠠᠩᠭ᠋ᠤᠢ ᠭᠡᠪᠰᠢᠮᠡᠯ ᠵᠢᠭᠠᠨ ᠰᠤᠷᠭᠠᠬᠤ ᠠᠷᠭ᠎ᠠ ᠪᠣᠯᠤᠨ ᠪᠠᠭᠰᠢ ᠶᠢᠨ ᠡᠩᠨᠡᠭᠡᠨ ᠤ ᠠᠳᠠᠭ ᠳᠤᠤᠷ᠎ᠠ ᠭᠢᠷᠢ ᠲᠦᠪᠰᠢᠨ ᠨᠢ ᠮᠠᠨ ᠤ ᠣᠯᠤᠰ ᠤᠨ ᠰᠤᠷᠭᠠᠨ ᠭᠦᠮᠦᠵᠢᠯ ᠤᠨ ᠭᠦᠭ᠍ᠵᠢᠯᠳᠡ ᠶᠢ ᠬᠠᠷᠰᠢᠯᠠᠭᠰᠠᠨ ᠦᠨᠳᠦᠰᠦᠨ ᠰᠢᠯᠳᠠᠭᠠᠨ ᠪᠣᠯᠵᠤ ᠪᠠᠢ᠌ᠨ᠎ᠠ᠃

ᠰᠤᠷᠭᠠᠨ ᠭᠦᠮᠦᠵᠢᠯ ᠤᠨ ᠶᠡᠭᠡ ᠳᠠᠢ᠌ᠰᠤᠨ ᠪᠣᠯ ᠡᠭᠢᠨ ᠡᠴᠡ ᠳᠠᠭᠤᠰᠳᠠᠯ᠎ᠠ ᠭᠡᠢ ᠨᠤᠮᠯᠠᠯ ᠴᠢᠤᠠᠬᠤᠵᠤ ᠦᠭ‍ᠭᠦ ᠶᠠᠪᠣᠳᠠᠯ ᠪᠣᠯᠤᠨ᠎ᠠ᠃ ᠪᠣᠳᠠᠳᠠᠢ ᠡᠴᠡ ᠰᠠᠯᠤᠭᠰᠠᠨ ᠭᠡᠢ ᠨᠤᠮᠯᠠᠯ ᠠᠭᠤᠯᠠ ᠴᠢᠨᠡᠭᠡ ᠪᠠᠢ᠌ᠯ᠎ᠠ ᠴᠤ ᠥᠢᠯᠡᠳᠦᠯᠭᠡ ᠶᠢᠨ ᠳᠤᠮᠳᠠ ᠭᠠᠭᠴᠠᠬᠠᠨ ᠭᠢᠵᠤ ᠰᠤᠷᠬᠤ ᠶᠢᠨ ᠭᠢᠷᠢ ᠰᠠᠭᠤᠭᠳᠠᠯ ᠦᠭᠡᠶ ᠶᠤᠮ᠃ ᠳᠡᠭᠡᠭᠦ ᠳᠡᠭᠡᠨ ᠨᠤᠮ ᠪᠢᠴᠢᠭ᠌ ᠪᠣᠯᠤᠨ ᠪᠣᠳᠠᠳᠤ ᠠᠬᠤᠢ ᠨᠢ ᠪᠦᠷ ᠴᠤ ᠵᠦᠷᠢᠶ᠎ᠠ ᠲᠡᠶ ᠪᠠᠢ᠌ᠵᠤ᠂ ᠵᠠᠷᠢᠮ ᠭᠠᠵᠠᠷ ᠲᠠᠭᠠᠨ ᠳᠠᠷᠰ ᠪᠣᠷᠤᠭᠤ ᠪᠠᠢ᠌ᠳᠠᠭ ᠢ ᠪᠢᠳᠠ ᠨᠢᠶ‍ᠧ ᠯᠢ ᠶᠢᠨ ᠥᠯᠢᠭᠡᠷ ᠡᠴᠡ ᠦᠵᠡᠨ ᠭᠠᠷᠴᠤ ᠪᠣᠯᠤᠨ᠎ᠠ᠃ ᠭᠡᠳᠤᠨ ᠮᠢᠩᠭ᠋ᠠᠨ ᠵᠢᠯ ᠤᠨ ᠳᠤᠷᠰᠢ ᠳᠡᠯᠡᠭᠡᠢ ᠨᠠᠢ᠌ᠳᠠ ᠪᠠᠷ ᠶᠢᠡᠨ ᠵᠥᠭᠡᠢ ᠶᠢᠨ ᠳᠠᠭᠤ ᠪᠣᠯ ᠵᠢᠭᠦᠷ ᠤᠨ ᠭᠢᠨᠢ ᠳᠠᠷᠪᠠᠯᠵᠠᠯ ᠡᠴᠡ ᠡᠭᠦᠰᠴᠡᠢ ᠭᠡᠵᠤ ᠵᠢᠭᠠᠭᠰᠠᠭᠠᠷ ᠢᠷᠡᠭ᠍ᠰᠡᠨ ᠪᠣᠯᠬᠤᠷ ᠰᠤᠷᠤᠭᠴᠢᠳ ᠴᠤ ᠪᠦᠷ ᠨᠢᠳᠤ ᠪᠠᠨ ᠠᠨᠢᠭᠠᠤᠨ 《ᠵᠢᠭᠦᠷ᠂ ᠳᠠᠭᠤ》 ᠭᠡᠮᠡᠨ ᠴᠡᠭᠡᠵᠢᠯᠡᠵᠤ᠂ ᠡᠨᠡᠭᠦ ᠬᠨ ᠶᠠ ᠦᠭᠡᠶ ᠨᠢᠰᠦᠯᠳᠦᠭᠡᠤᠨ ᠪᠠᠢ᠌ᠳᠠᠭ ᠪᠢᠴᠢᠬᠠᠨ ᠵᠥᠭᠡᠢ ᠴᠤᠬᠤᠮ ᠬᠠᠮᠢᠭᠠᠭᠤᠷ ᠶᠢᠡᠨ ᠳᠠᠭᠤ ᠭᠠᠷᠭᠠᠳᠠᠭ ᠢ ᠶᠠᠭ ᠠᠩᠬᠠᠷᠤᠭᠰᠠᠨ ᠭᠦᠮᠤᠨ ᠭᠠᠷᠤᠭᠰᠠᠨ ᠦᠭᠡᠶ᠃ ᠵᠢᠭᠠᠵᠤ ᠪᠠᠢ᠌ᠭᠰᠠᠨ ᠪᠠᠭᠰᠢ ᠨᠢ ᠴᠤ ᠭᠡᠤᠨ ᠭᠢᠴᠢᠶᠠᠯ ᠤᠨ ᠪᠢᠴᠢᠭ᠌ ᠶᠢᠡᠨ ᠥᠰᠦᠭ᠌ ᠠᠯᠳᠠᠯ ᠦᠭᠡᠶ ᠮᠦᠷᠳᠠᠵᠤ᠂ ᠪᠢᠴᠢᠭ᠌ ᠡᠴᠡ ᠭᠠᠳᠠᠨᠠᠭᠢ ᠶᠠᠪᠣᠳᠠᠯ ᠳᠤ ᠰᠠᠨᠠᠭ᠎ᠠ ᠠᠯᠭᠠᠰᠠᠬᠤ ᠳᠤᠷ᠎ᠠ ᠦᠭᠡᠶ ᠪᠠᠢ᠌ᠪᠠ᠃ ᠭᠡᠳᠡᠯ᠎ᠡ ᠨᠢᠶ‍ᠧ ᠯᠢ ᠦᠬᠢᠨ ᠡᠨᠡ ᠨᠤᠮᠯᠠᠯ ᠳᠤ ᠰᠡᠵᠢᠭ᠌ ᠲᠦᠷᠦᠵᠤ᠂ ᠰᠤᠳᠤᠯᠵᠤ ᠰᠢᠠᠵᠢᠯᠠᠨ ᠳᠤᠶᠠᠴᠢᠵᠤ ᠪᠠᠢ᠌ᠭᠠᠤᠨ ᠭᠡᠳᠤᠨ ᠮᠢᠩᠭ᠋ᠠᠨ ᠣᠨ ᠤ ᠳᠤᠷᠰᠢ ᠶᠡᠭᠡ ᠡᠷᠳᠡᠮᠳᠡᠨ᠂ ᠪᠣᠭᠳᠠ ᠪᠠᠭᠰᠢ ᠭᠡᠮᠡᠭ᠍ᠰᠡᠳ ᠤᠨ ᠳᠤᠬᠤ ᠪᠠᠨ ᠳᠤᠩᠬᠤᠯᠵᠠᠭᠤᠯᠤᠨ ᠰᠢᠯᠤᠰᠤ ᠥᠰᠦᠷᠭᠡᠨ ᠶᠠᠷᠢᠳᠠᠭ 《ᠪᠠᠳᠤᠶᠤᠰᠤ》 ᠭᠡᠳᠡᠭ᠌ ᠢ ᠭᠡᠮᠭᠡ ᠴᠤᠭᠢᠭᠠᠤᠨ ᠬᠠᠭᠤᠴᠢᠨ ᠶᠠᠭᠤᠮ᠎ᠠ ᠣᠯᠠ ᠪᠣᠯᠵᠤ᠂ ᠰᠢᠨ᠎ᠠ ᠢᠯᠡᠷᠡᠭᠦᠯᠦᠯᠳᠡ ᠵᠤᠯᠠ ᠪᠣᠯᠬᠤ ᠶᠢ ᠳᠤᠩᠬᠠᠭᠯᠠᠭᠰᠠᠨ ᠪᠠᠢ᠌ᠨ᠎ᠠ︕ ᠳᠡᠭᠡᠭᠦ ᠳᠤ ᠮᠠᠨ ᠤ ᠪᠠᠭᠰᠢᠨᠠᠷ ᠪᠠ ᠵᠢᠭᠠᠬᠤ ᠶᠢ ᠰᠤᠳᠤᠯᠬᠤ ᠡᠷᠳᠡᠮᠳᠡᠨ ᠨᠡᠷ ᠵᠢᠭᠠᠬᠤ ᠠᠭᠤᠯᠭ᠎ᠠ ᠪᠠᠨ ᠪᠣᠳᠠᠳᠠᠢ ᠶᠠᠭᠤᠮ᠎ᠠ ᠪᠠᠷ ᠵᠠᠭᠪᠣᠷᠢᠯᠠᠵᠤ᠂ ᠣᠨᠤᠯ ᠶᠢᠡᠨ ᠪᠣᠳᠠᠳᠠᠢ ᠳᠡᠭᠡᠷ᠎ᠡ ᠳᠤᠷᠰᠢᠵᠤ ᠵᠢᠭᠠᠭᠰᠠᠨ ᠪᠠᠢ᠌ᠪᠠᠯ ᠡᠨᠡᠭᠦ 《ᠵᠥᠭᠡᠢ ᠳᠤᠤᠭᠠᠷᠬᠤ ᠣᠨᠤᠯ》 ᠢ ᠭᠡᠳᠥᠢᠨᠡᠢ ᠳᠦᠯᠭᠢᠭᠡᠤᠨ ᠣᠨᠠᠭᠠᠴᠢᠭᠰᠠᠨ ᠪᠠᠢ᠌ᠬᠤ ᠶᠤᠰᠤᠳᠠᠢ᠃ ᠭᠡᠳᠡᠯ᠎ᠡ ᠳᠠᠳᠠᠨᠤᠰ ᠨᠢᠭᠡ ᠠᠷᠪᠠᠨ ᠨᠢᠭᠡᠳᠡᠢ ᠦᠬᠢᠨ ᠢ ᠴᠤ ᠭᠦᠷᠭᠦ ᠦᠭᠡᠶ ᠨᠢ ᠳᠠᠩᠴᠢ ᠬᠠᠷᠠᠮᠰᠠᠯᠳᠠᠢ ᠪᠠᠢ᠌ᠨ᠎ᠠ᠃

ᠡᠭᠦᠨ ᠡᠴᠡ ᠦᠵᠡᠪᠠᠯ᠂ ᠰᠤᠷᠭᠠᠨ ᠭᠦᠮᠦᠵᠢᠯ ᠤᠨ ᠠᠵᠢᠯᠳᠠᠨ ᠪᠣᠯ ᠵᠥᠪᠭᠡᠨ ᠰᠤᠷᠤᠭᠴᠢ ᠶᠢ ᠰᠡᠩᠭᠡᠷᠡᠭᠦᠯᠭᠦ᠂ ᠥᠪᠠᠷᠳᠡᠭᠡᠨ ᠰᠤᠷᠬᠤ ᠣᠷᠮ᠎ᠠ ᠶᠢ ᠨᠢ ᠭᠦᠭ᠍ᠵᠢᠭᠡᠭᠦ᠂ ᠣᠢ ᠪᠢᠯᠢᠭ᠌ ᠤᠨ ᠭᠢᠨᠢ ᠳᠠᠯᠳᠠ ᠭᠦᠴᠤ ᠶᠢ ᠨᠡᠭᠡᠭᠡᠵᠤ ᠣᠨᠤᠯ ᠢ ᠥᠢᠯᠡᠳᠦᠯᠭᠡᠵᠢᠭᠦᠯᠭᠦ ᠶᠠᠪᠣᠴᠠ ᠶᠢ ᠵᠢᠯᠤᠭᠤᠤᠠᠬᠤ ᠬᠠᠪᠰᠤᠷᠠᠭᠴᠢ ᠪᠣᠯᠬᠤ ᠡᠴᠡ ᠪᠢᠰᠢ᠂ ᠮᠡᠳᠡᠯᠭᠡ ᠶᠢᠨ 《ᠬᠠᠢ᠌ᠷᠴᠠᠭ ᠰᠠᠪᠠᠯᠠᠬᠤ ᠠᠵᠢᠯᠴᠢᠨ》 ᠪᠣᠯᠤᠭᠠᠤᠨ ᠶᠠᠭᠠᠭᠢᠭᠰᠠᠨ ᠴᠤ ᠪᠣᠯᠬᠤ ᠦᠭᠡᠶ᠃ ᠡᠨᠡ ᠳᠠᠯ᠎ᠠ ᠪᠠᠷ ᠰᠢᠪᠳᠤᠯᠤᠯᠳᠠ ᠭᠢᠭᠦ ᠦᠭᠡᠶ ᠪᠣᠯ ᠮᠠᠨ ᠤ ᠣᠯᠤᠰ ᠤᠨ ᠰᠤᠷᠭᠠᠨ ᠭᠦᠮᠦᠵᠢᠯ ᠤᠨ ᠣᠳᠤᠭᠢ ᠪᠠᠢ᠌ᠳᠠᠯ ᠳᠤ ᠦᠨᠳᠦᠰᠦᠨ ᠬᠤᠪᠢᠷᠠᠯᠳᠠ ᠭᠠᠷᠬᠤᠶ᠎ᠠ ᠪᠠᠷᠭᠡ᠃ ᠳᠡᠭᠡᠭᠦ ᠳᠤ ᠡᠨᠡ ᠠᠵᠢᠯ ᠨᠢ ᠭᠠᠭᠴᠡᠭᠦ ᠴᠥᠭᠡᠨ ᠳᠤᠭᠠᠨ ᠤ ᠭᠡᠳᠤᠨ ᠰᠤᠷᠭᠠᠨ ᠭᠦᠮᠦᠵᠢᠯ ᠤᠨ ᠠᠵᠢᠯᠳᠠᠨ ᠳᠤ ᠨᠠᠢ᠌ᠳᠠᠭᠠᠤᠨ ᠪᠣᠯᠬᠤ ᠶᠠᠭᠤᠮ᠎ᠠ ᠪᠢᠰᠢ᠂ ᠡᠷᠭᠡᠪᠰᠢ ᠪᠦᠭᠦ ᠨᠡᠢ᠌ᠭᠡᠮ ᠶᠢᠡᠷ ᠶᠢᠡᠨ ᠭᠦᠳᠡᠯᠦᠯᠴᠡᠵᠤ ᠪᠦᠭᠦ ᠪᠠᠭᠰᠢ ᠰᠤᠷᠤᠭᠴᠢᠳ ᠤᠨ ᠬᠠᠮᠳᠤ ᠶᠢᠨ ᠴᠢᠷᠮᠠᠢ᠌ᠯᠭ᠎ᠠ ᠳᠤ ᠳᠦᠰᠢᠭᠯᠡᠭᠦ ᠶᠤᠰᠤᠳᠠᠢ᠃ ᠡᠭᠦᠨ ᠳᠤ ᠰᠤᠷᠭᠠᠨ ᠭᠦᠮᠦᠵᠢᠯ ᠤᠨ ᠹᠷᠤᠠᠲ᠋ ᠳ᠋ᠠᠭᠢ 《ᠳᠠᠮᠤᠷ ᠪᠣᠳᠠᠭᠠᠨ ᠠᠶᠠᠭᠠᠨ》 ᠳᠠᠭᠠᠨ ᠡᠷᠳᠦᠵᠤ᠂ 《ᠪᠠᠯᠠᠨ ᠪᠣᠳᠠᠭ᠎ᠠ ᠢᠳᠠᠵᠤ ᠥᠭᠦᠭ᠍ᠰᠡᠨ ᠳᠡᠮᠡᠭᠡ ᠬᠠᠷᠢᠭᠤᠯᠬᠤ》 ᠠᠳᠠᠭ ᠮᠠᠭᠤ ᠭᠡᠪᠰᠢᠯ ᠶᠢᠡᠨ ᠵᠠᠪᠠᠯ ᠳᠠᠶᠠᠭᠳᠠᠬᠤ ᠭᠡᠷᠡᠭ᠍ᠳᠡᠢ ᠴᠠᠭ ᠪᠣᠯᠤᠯ᠎ᠠ᠃ ᠳᠡᠭᠡᠭᠦ ᠳᠡᠭᠡᠨ ᠰᠤᠷᠭᠠᠨ ᠭᠦᠮᠦᠵᠢᠯ ᠤᠨ ᠹᠷᠤᠠᠲ᠋ ᠳ᠋ᠠᠭᠢ 《ᠪᠢᠳᠡᠭᠦᠮᠵᠢᠯᠡᠭ᠍ᠰᠡᠨ ᠬᠠᠮᠢᠶᠠᠷᠤᠯᠳᠠ ᠶᠢᠨ ᠳᠦᠷᠢᠮ》 ᠢ ᠵᠠᠪᠠᠯ ᠡᠪᠳᠡᠵᠤ᠂ ᠪᠠᠭᠰᠢ ᠶᠢᠨ ᠡᠩᠨᠡᠭᠡᠨ ᠤ ᠦᠷᠢᠰᠤᠯᠳᠤᠨ ᠳᠤᠰᠢᠶᠠᠯ ᠳᠤ ᠭᠠᠷᠬᠤ ᠪᠣᠶᠤ ᠨᠡᠢ᠌ᠭᠡᠮ ᠳᠡᠭᠡᠷ᠎ᠡ ᠡᠴᠡ ᠴᠢᠳᠠᠪᠣᠷᠢᠳᠠᠨ ᠢ ᠣᠷᠢᠵᠤ ᠭᠡᠷᠡᠭᠯᠡᠭᠦ ᠮᠠᠳᠤ ᠶᠢᠨ ᠢᠳᠠᠪᠭᠢᠳᠠᠢ ᠠᠷᠭ᠎ᠠ ᠭᠡᠮᠵᠢᠶ᠎ᠡ ᠠᠪᠬᠤ ᠦᠭᠡᠶ ᠪᠣᠯ ᠰᠤᠷᠭᠠᠨ ᠭᠦᠮᠦᠵᠢᠯ ᠤᠨ ᠠᠵᠢᠯ ᠥᠨᠠᠩᠭᠦ ᠨᠡᠢ᠌ᠭᠡᠮ ᠤᠨ ᠭᠦᠭ᠍ᠵᠢᠯᠳᠡ ᠶᠢ ᠳᠠᠭᠠᠵᠤ ᠠᠮᠵᠢᠬᠤ ᠦᠭᠡᠶ ᠪᠣᠯᠵᠤ ᠪᠠᠢ᠌ᠨ᠎ᠠ᠃ ᠳᠡᠭᠡᠭᠦ ᠦᠭᠡᠶ ᠪᠣᠯ ᠬᠠᠮᠢᠶᠠᠷᠤᠯᠳᠠ ᠠᠯᠳᠠᠵᠤ ᠳᠤᠰᠢᠶᠠᠯ ᠶᠢᠡᠨ ᠣᠰᠤᠯᠳᠠᠭᠰᠠᠤᠨ ᠢ ᠥᠭᠡᠷ᠎ᠡ ᠭᠠᠵᠠᠷ ᠰᠢᠯᠵᠢᠭᠦᠯᠵᠤ 《ᠠᠶᠠᠭ᠎ᠠ ᠶᠢ ᠨᠢ ᠰᠤᠯᠢᠭᠠᠤᠨ ᠱᠦᠯᠤ ᠶᠢ ᠨᠢ ᠰᠤᠯᠢᠭᠰᠠᠨ ᠦᠭᠡᠶ》 ᠠᠪ ᠠᠳᠠᠯᠢᠬᠠᠨ ᠶᠢᠡᠷ ᠭᠦᠮᠤᠨ ᠤ ᠭᠡᠦᠭᠡᠤᠨ ᠢ ᠥᠭᠡᠢ᠌ᠭᠢᠭᠦ ᠪᠣᠯᠤᠨ᠎ᠠ᠃ ᠭᠠᠭᠴᠡᠭᠦ ᠪᠠᠭᠰᠢ ᠶᠢᠨ ᠪᠠᠢ᠌ᠷᠢ ᠰᠠᠭᠤᠷᠢ᠂ ᠴᠠᠯᠢᠩ ᠣᠯᠭᠤᠮᠵᠢ ᠶᠢ ᠨᠢ ᠥᠰᠭᠡᠭᠡᠤᠨ ᠪᠠᠭᠰᠢ ᠶᠢᠨ ᠡᠩᠨᠡᠭᠡᠨ ᠤ ᠵᠠᠯᠠᠭᠤᠵᠢᠯ ᠪᠣᠯᠤᠨ ᠰᠢᠯᠢᠳᠡᠭ᠍ᠵᠢᠯ ᠢ ᠠᠩᠬᠠᠷᠬᠤ ᠦᠭᠡᠶ᠂ ᠡᠯᠳᠡᠪ ᠶᠠᠩᠵᠤ ᠶᠢᠨ 《ᠪᠠᠭᠰᠢ ᠶᠢᠨ ᠭᠢᠷᠢ ᠭᠡᠮ ᠤᠨ ᠰᠢᠯᠭᠠᠯᠳᠠ》 ᠪᠠᠷ ᠪᠠᠭᠰᠢ ᠶᠢᠨ ᠡᠩᠨᠡᠭᠡ ᠶᠢ ᠭᠦᠴᠦᠷᠭᠡᠭ᠍ᠵᠢᠭᠦᠯᠦᠨ᠎ᠡ ᠭᠡᠭ᠍ᠴᠢ ᠵᠡᠭᠦᠳᠦᠯᠡᠵᠤ ᠪᠠᠢ᠌ᠭ᠎ᠠ ᠶᠠᠪᠣᠳᠠᠯ ᠪᠣᠯᠤᠨ᠎ᠠ᠃ ᠬᠠᠮᠤᠭ ᠤᠨ ᠵᠠᠩᠭᠢᠯᠭ᠎ᠠ ᠨᠢ ᠪᠠᠭᠰᠢ ᠶᠢᠨ 《ᠹᠦᠩᠯᠤ ᠢᠳᠡᠭᠦ ᠳᠦᠷᠢᠮ》 ᠢ ᠣᠰᠠᠤᠠᠬᠠᠬᠤ ᠦᠭᠡᠶ ᠪᠠᠢ᠌ᠳᠠᠯ ᠳᠤᠤᠷ᠎ᠠ ᠣᠳᠤᠭᠢ ᠪᠠᠢ᠌ᠳᠠᠯ ᠢ ᠬᠤᠪᠢᠷᠠᠭᠤᠯᠤᠨ᠎ᠠ ᠭᠡᠳᠡᠭ᠌ ᠴᠢᠨᠢ ᠠᠮᠠᠷ ᠦᠭᠡᠶ ᠶᠠᠪᠣᠳᠠᠯ ᠡ᠃

ᠣᠨᠤᠯ ᠢ ᠥᠢᠯᠡᠳᠦᠯᠭᠡᠵᠢᠭᠦᠯᠭᠦ ᠪᠣᠯ ᠵᠢᠭᠠᠨ ᠰᠤᠷᠭᠠᠬᠤ ᠠᠵᠢᠯ ᠤᠨ ᠶᠠᠰᠤ ᠴᠢᠮᠦᠭᠡ ᠪᠣᠯᠬᠤ ᠪᠦᠭᠡᠤᠨ᠂ ᠢᠷᠡᠭᠡᠳᠦᠢ ᠶᠢ ᠪᠠᠷᠠᠭᠠᠯᠠᠨ ᠠᠷᠠᠤᠨ ᠲᠦᠮᠡᠨ ᠤ ᠭᠡᠷᠡᠭ᠍ᠴᠡᠭᠡᠨ ᠳᠤ ᠨᠡᠢ᠌ᠴᠡᠭᠦᠯᠭᠦ ᠪᠣᠯ ᠰᠤᠷᠭᠠᠨ ᠭᠦᠮᠦᠵᠢᠯ ᠤᠨ ᠠᠮᠢᠨ ᠰᠦᠨᠠᠰᠤ ᠪᠣᠯᠤᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 8684
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ