ᠨᠡᠪᠲᠡᠷᠡᠨ ᠤᠷᠤᠬᠤ

ᠵᠨ᠂ ᠲ᠋ᠠᠷᠠ ᠦᠶ᠎ᠡ ᠳᠤ ᠡᠨᠡ ᠮᠤᠩᠭ᠋ᠤᠯ ᠭᠠᠵᠠᠷ᠂ ᠳᠠᠩᠭ᠋ᠤᠳ ᠭᠠᠵᠠᠷ ᠲᠡᠶ ᠵᠠᠬ᠎ᠠ ᠨᠠᠢ᠌ᠯᠠᠵᠤ ᠪᠠᠢ᠌ᠵᠤ ᠭᠡᠨ᠎ᠡ᠃ ᠲ᠋ᠡᠩᠭ᠋ᠦᠳ ᠭᠠᠵᠠᠷ ᠰᠤᠷᠢᠠᠵᠢᠨ ᠭᠤᠮᠪᠣ ᠭᠡᠭ᠍ᠴᠢ ᠨᠢᠭᠡ ᠶᠡᠭᠡ ᠬᠠᠭᠠᠨ ᠲᠡᠶ ᠭᠡᠨ᠎ᠡ᠃ ᠡᠨᠡ ᠰᠤᠷᠢᠠᠵᠢᠨ ᠭᠤᠮᠪᠣ ᠬᠠᠭᠠᠨ ᠢ ᠴᠠᠭᠠᠨ ᠳᠠᠷᠢ ᠡᠭᠡ ᠭᠡᠳᠡᠭ᠌᠂ ᠡᠨᠡ ᠴᠠᠭᠠᠨ ᠳᠠᠷᠢ (ᠳᡁᠠᠷᠢ᠂ ᠳ᠋ᠠᠷ᠎ᠠ) ᠡᠭᠡ ᠢᠯᠡᠷᠡᠭᠦ ᠳᠤ ᠨᠤᠭᠤᠭᠠᠨ ᠳᠡᠷᠢ ᠡᠬᠡ ᠴᠤ ᠵᠠᠪᠠᠯ ᠢᠯᠡᠷᠡᠭᠦ ᠶᠤᠰᠤᠳᠠᠢ ᠭᠡᠨ᠎ᠡ᠂ ᠳᠡᠭᠡᠭᠡᠤᠨ ᠴᠠᠭᠠᠨ ᠳᠡᠷᠢ ᠡᠬᠡ ᠪᠡ ᠨᠤᠭᠤᠭᠠᠨ ᠳᠠᠷᠢ ᠡᠭᠡ ᠡᠷᠭᠡᠪᠰᠢ ᠳᠡᠷ᠎ᠡ ᠨᠡᠢ᠌ᠯᠡᠭᠦᠯᠵᠤ ᠭᠡᠵᠢᠭᠡ ᠬᠤᠯᠪᠣᠬᠤ ᠶᠤᠰᠤᠳᠠᠢ ᠶᠤᠮᠰᠠᠠᠵᠠᠢ᠃ ᠡᠨᠡ ᠦᠶ᠎ᠡ ᠳᠤ ᠨᠤᠭᠤᠭᠠᠨ ᠳᠠᠷᠢ ᠡᠭᠡ ᠭᠢᠳᠠᠤᠨ ᠤᠨ ᠬᠠᠭᠠᠨ ᠤ ᠭᠡᠷ ᠲᠤ ᠢᠯᠠᠷᠠᠵᠤ᠂ ᠨᠠᠷ᠎ᠠ ᠢ ᠨᠢ ᠦᠨᠦᠴᠢᠨ ᠭᠦᠡᠵᠤ (ᠸᠧᠨ ᠴᠸᠩ ᠭᠦᠩᠵᠤ) ᠭᠡᠳᠡᠭ᠌ ᠪᠠᠢ᠌ᠵᠡᠢ᠃ ᠲ᠋ᠡᠭᠦᠨ ᠢ ᠰᠤᠷᠢᠠᠵᠢᠨ ᠭᠤᠮᠪᠣ ᠬᠠᠭᠠᠨ ᠳᠤ ᠠᠪᠴᠢᠷᠠᠬᠤ ᠴᠢᠳᠠᠪᠣᠷᠢ ᠲᠡᠶ ᠭᠦᠮᠤᠨ ᠢ ᠪᠦᠭᠦ ᠳᠠᠩᠭ᠋ᠤᠳ ᠣᠷᠤᠨ ᠡᠴᠡ ᠬᠠᠢ᠌ᠭᠠᠤᠨ ᠣᠯᠤᠭᠰᠠᠨ ᠦᠭᠡᠶ ᠳᠤᠯᠠ ᠬᠠᠮᠤᠭ ᠰᠡᠭᠦᠯ ᠳᠤ ᠭᠡᠨ ᠡᠴᠡ ᠴᠤ ᠮᠡᠷᠭᠡᠨ᠂ ᠭᠡᠯᠡ ᠲᠡᠶ ᠠᠮᠠ ᠲᠡᠶ᠂ ᠭᠡᠴᠡᠭᠦᠤ ᠭᠡᠷᠰᠡᠤ ᠬᠣᠢ᠌ᠳᠤ ᠮᠡᠷᠭᠡᠨ ᠳᠠᠮᠠᠨᠠ ᠶᠢ ᠶᠠᠪᠣᠭᠤᠯᠬᠤ ᠪᠠᠷ ᠪᠣᠯᠤᠭᠰᠠᠨ ᠭᠡᠨ᠎ᠡ᠃

ᠡᠨᠡ ᠭᠢᠳᠠᠤᠨ ᠤᠨ ᠭᠠᠵᠠᠷ ᠪᠣᠯᠪᠠᠯ ᠬᠠᠮᠤᠭ ᠤᠨ ᠰᠥᠷᠡᠭᠡᠢ ᠭᠦᠭ᠍ᠵᠢᠭ᠍ᠰᠡᠨ ᠭᠠᠵᠠᠷ᠃ ᠳᠡᠯᠡᠭᠡᠢ ᠳᠤ ᠦᠭᠡᠶ ‌᠊ᠭ᠍᠊ᠬᠢᠪ ᠳᠤᠷᠭ᠎ᠠ ᠲᠡᠶ ᠭᠡᠨ᠎ᠡ ᠂ ᠬᠤᠷᠸ᠎ᠠ ᠳᠤ ᠬᠤᠪᠣᠷ ᠬᠤᠪᠴᠢ ᠰᠢᠷ᠎ᠠ ᠵᠢᠷᠤᠬᠠᠢ ᠲᠡᠶ ᠭᠡᠨ᠎ᠡ᠂ ᠡᠨᠡ ᠬᠤᠪᠴᠢ ᠰᠢᠷ᠎ᠠ ᠵᠢᠷᠤᠬᠠᠢ ᠨᠢ ᠭᠦᠮᠤᠨ ᠤ ᠶᠠᠭᠤ ᠭᠡᠯᠡᠵᠤ ᠶᠡᠭᠤ ᠭᠢᠵᠤ ᠪᠠᠢ᠌ᠬᠤ ᠶᠢ ᠪᠦᠷ ᠮᠡᠳᠡᠴᠢᠭᠡᠳᠡᠭ᠌ ᠭᠡᠨ᠎ᠡ ᠪᠢᠯᠠ᠃ ᠲ᠋ᠠᠭᠢᠵᠤ ᠭᠡᠯᠡᠪᠠᠯ ᠠᠳᠤᠭᠤᠨ ᠳ᠋ᠤᠨᠢ ᠠᠷᠠᠠᠵᠤᠯ ᠠᠭᠳᠠ (ᠠᠵᠢᠨᠢ ᠭᠦᠯᠦᠭ᠌) ᠵᠠᠶᠠᠭᠠᠭᠰᠠᠨ᠂ ᠡᠮᠡᠰ ᠤᠨ ᠲ᠋ᠤᠮᠳᠠ ᠨᠢ ᠨᠤᠭᠤᠭᠠᠨ ᠳᠠᠷᠢ ᠡᠭᠡ ᠵᠠᠶᠠᠭᠠᠭᠰᠠᠨ᠂ ᠡᠷᠡᠰ ᠤᠨ ᠳᠤᠮᠳᠠ ᠨᠢ ᠭᠠᠢ᠌ᠬᠠᠰᠢ ᠳᠡᠢ ᠳᠤᠯᠤᠭᠠᠨ ᠡᠮᠴᠢ ᠵᠠᠶᠠᠭᠠᠭᠰᠠᠨ᠂ ᠡᠨᠡ ᠳᠤᠯᠤᠭᠠᠨ ᠡᠮᠴᠢ ᠶᠢᠨ ᠮᠡᠷᠭᠡᠵᠢᠯ ᠭᠡᠪᠠᠯ ᠥᠭᠦᠭ᠍ᠰᠡᠨ ᠭᠦᠮᠤᠨ ᠢ ᠠᠮᠢᠯᠠᠭᠤᠯᠤᠨ ᠴᠢᠳᠠᠳᠠᠭ ᠭᠡᠨ᠎ᠡ᠃ ᠬᠣᠢ᠌ᠳᠤ ᠮᠡᠷᠭᠡᠨ ᠲ᠋ᠡᠮᠡᠨᠡ᠂ ᠰᠤᠷᠢᠠᠵᠢᠨ ᠭᠤᠮᠪᠣ ᠬᠠᠭᠠᠨ ᠳᠤ ᠦᠨᠦᠴᠢᠨ ᠭᠦᠡᠵᠤ ᠶᠢ ᠵᠠᠯᠠᠵᠤ ᠡᠡᠪᠴᠢᠷᠡᠬᠤ ᠪᠠᠷ ᠭᠢᠳᠡᠳ ᠤᠨ ᠤᠷᠤᠨ ᠳᠤ ᠭᠦᠷᠭᠦ ᠳᠤ᠂ ᠡᠨᠡ ᠭᠢᠳᠠᠤᠨ ᠤᠨ ᠤᠷᠤᠨ ᠡᠴᠡ ᠬᠠᠳᠤᠨ ᠵᠠᠯᠠᠵᠤ ᠢᠷᠡᠭᠦ ᠭᠡᠳᠡᠭ᠌ ᠭᠡᠴᠡᠭᠦᠤ ᠪᠠᠢ᠌ᠪᠠ ᠭᠡᠨ᠎ᠡ᠃ ᠡᠭᠢᠯᠡᠭ᠍ᠰᠡᠭᠡᠷ ᠭᠢᠳᠠᠤᠨ ᠬᠠᠭᠠᠨ ᠲ᠋ᠠᠩᠭ᠋ᠤᠳ ᠤᠨ ᠬᠠᠭᠠᠨ ᠳ᠋ᠤ ᠭᠡᠦᠭᠡᠨ ᠶᠢᠡᠨ ᠦᠭ‍ᠭᠦ ᠥᠭᠡᠢ ᠭᠡᠵᠤ ᠮᠠᠷᠭᠤᠯᠳᠤᠭᠰᠠᠨ ᠭᠡᠨ᠎ᠡ᠃ ᠭᠡᠪᠠᠴᠤ ᠡᠴᠦᠰ ᠲᠡᠭᠡᠨ ᠬᠣᠢ᠌ᠳᠤ ᠮᠡᠷᠭᠡᠨ ᠳᠠᠮᠠᠨᠠ ᠶᠢᠨ ᠭᠡᠯᠡ ᠠᠮᠠᠨ ᠤ ᠬᠤᠷᠴᠠ ᠳᠤ ᠳᠠᠷᠤᠭᠳᠠᠭᠰᠠᠨ ᠭᠡᠨ᠎ᠡ᠂ ᠳᠡᠭᠡᠭᠡᠤᠨ ᠠᠷᠭ᠎ᠠ ᠶᠠᠳᠠᠬᠤ ᠳᠠᠭᠠᠨ ᠬᠣᠢ᠌ᠳᠤ ᠮᠡᠷᠭᠡᠨ ᠳᠠᠮᠠᠨᠠ ᠲᠡᠶ ᠭᠤᠷᠪᠠᠨ ᠵᠣᠢ᠌ᠯ ᠤᠨ ᠮᠠᠷᠭᠤᠭ᠎ᠠ ᠳᠠᠯᠪᠢᠵᠠᠢ᠃

ᠨᠢᠭᠡᠳᠦᠭᠡᠷ ᠮᠠᠷᠭᠤᠭ᠎ᠠ ᠨᠢ ᠶᠠᠭᠤ ᠶᠤᠮ︖ ᠭᠡᠭᠦᠯ᠎ᠡ᠂ ᠳᠤᠳᠤᠷ᠎ᠠ ᠪᠠᠨ ᠮᠠᠳᠠᠭᠠᠷ ᠳᠠᠳᠠᠭᠠᠷ ᠨᠦᠭᠡ ᠲᠡᠶ ᠠᠯᠠᠭᠠᠨ ᠴᠢᠨᠡᠭᠡᠨ ᠬᠠᠰ ᠴᠢᠯᠠᠭᠤ ᠠᠪᠴᠢᠷᠠᠭᠠᠤᠨ ᠣᠳᠠᠰᠤ ᠪᠠᠷ ᠰᠦᠪᠠᠯᠠᠨ ᠭᠠᠷᠭ᠎ᠠ ᠭᠡᠵᠤ ᠭᠡᠨ᠎ᠡ᠃ ᠨᠠᠭᠠᠰᠢ ᠴᠠᠭᠠᠰᠢ ᠬᠤᠭᠤᠰ ᠨᠤᠭᠤᠰ ᠨᠥᠭᠡ ᠭᠠᠷᠤᠭᠰᠠᠨ ᠴᠢᠯᠠᠭᠤ ᠶᠢ ᠰᠦᠪᠠᠯᠠᠨ᠎ᠠ ᠭᠡᠳᠡᠭ᠌ ᠴᠤ ᠥᠭᠡᠷ ᠮᠠᠯ ᠤᠨ ᠳᠤᠳᠤᠷ ᠢ ᠰᠦᠪᠠᠯᠠᠵᠤ ᠭᠠᠷᠭᠠᠬᠤ ᠡᠴᠡ ᠭᠡᠴᠡᠭᠦᠤ ᠪᠠᠢ᠌ᠪᠠ᠃ ᠭᠡᠪᠠᠴᠤ ᠬᠣᠢ᠌ᠳᠤ ᠮᠡᠷᠭᠡᠨ ᠳᠠᠮᠠᠨᠠ ᠰᠠᠠᠳᠤᠷᠠᠭᠰᠠᠨ ᠦᠭᠡᠶ᠂ ᠬᠠᠵᠠᠭᠤ ᠡᠴᠡ ᠪᠠᠨ ᠨᠢᠭᠡ ᠰᠢᠷᠭᠤᠯᠵᠢ ᠪᠠᠷᠢᠵᠤ ᠣᠭᠤᠴᠠ ᠡᠴᠡ ᠨᠢ ᠣᠳᠠᠰᠤ ᠪᠠᠷ ᠣᠭᠤᠰᠤᠷᠯᠠᠭᠠᠤᠨ ᠬᠠᠰ ᠤᠨ ᠨᠥᠭᠡ ᠣᠷᠤᠭᠤ ᠳᠠᠯᠪᠢᠵᠤ ᠣᠷᠤᠭᠤᠯᠬᠤ ᠳ᠋ᠤ ᠣᠳᠠᠵᠤ ᠣᠳᠠᠭᠠᠤᠨ ᠴᠠᠭᠠᠳᠤ ᠳᠠᠯ᠎ᠠ ᠪᠠᠷ ᠨᠢ ᠭᠠᠷᠤᠭᠠᠤᠨ ᠢᠷᠠᠵᠤ ᠭᠡᠨ᠎ᠡ᠃ ᠰᠢᠷᠭᠤᠯᠵᠢ ᠣᠭᠤᠴᠠ ᠪᠠᠷ ᠶᠢᠡᠨ ᠳᠠᠰᠤᠷᠬᠠᠢ ᠲᠡᠶ ᠪᠠᠢ᠌ᠳᠠᠯ ᠨᠢ ᠡᠭᠦᠨ ᠡᠴᠡ ᠪᠣᠯᠤᠭᠰᠠᠨ ᠶᠤᠮ ᠭᠡᠨ᠎ᠡ᠃ ᠮᠡᠷᠭᠡᠨ ᠳᠠᠮᠠᠨᠠ ᠢᠩᠭᠢᠵᠤ ᠰᠦᠪᠡᠯᠡᠭᠰᠡᠨ ᠬᠠᠰ ᠶᠢᠡᠨ ᠭᠢᠳᠠᠤᠨ ᠤᠨ ᠬᠠᠭᠠᠨ ᠳᠤ ᠠᠪᠴᠢᠷᠠᠭᠠᠤᠨ ᠦᠭ‍ᠭᠦ ᠳᠤ᠂ ᠬᠠᠭᠠᠨ ᠬᠤᠶᠠᠳᠤᠭᠠᠷ ᠮᠠᠷᠭᠤᠭ᠎ᠠ ᠪᠠᠨ ᠳᠠᠯᠪᠢᠵᠤ ᠭᠡᠨ᠎ᠡ᠃ ᠬᠤᠶᠠᠳᠤᠭᠠᠷ ᠮᠠᠷᠭᠤᠭ᠎ᠠ ᠨᠢ ᠶᠠᠭᠤ ᠶ‍ᠤᠮ︖ ᠭᠡᠭᠦᠯ᠎ᠡ᠂ ᠬᠠᠭᠠᠨ᠄

ᠡᠨᠡ ᠣᠷᠤᠢ ᠶᠡᠭᠡ ᠣᠷᠳᠤᠨ ᠤ ᠨᠠᠢ᠌ᠷ ᠭᠢᠨ᠎ᠠ᠂ ᠴᠢ ᠣᠷᠳᠤᠨ ᠳᠤ ᠣᠷᠤᠬᠤ ᠳᠤ ᠳᠠᠭᠠᠭᠤᠯᠬᠤ ᠭᠦᠮᠤᠨ ᠪᠠᠢ᠌ᠬᠤ ᠡᠴᠡ ᠪᠢᠰᠢ ᠭᠠᠷᠬᠤ ᠳᠤ ᠳᠠᠭᠠᠭᠤᠯᠬᠤ ᠭᠦᠮᠤᠨ ᠪᠠᠢ᠌ᠬᠤ ᠦᠭᠡᠶ᠃ ᠤᠷᠳᠤᠨ ᠡᠴᠡ ᠭᠠᠷᠤᠭᠠᠳ᠂ ᠰᠠᠭᠤᠵᠤ ᠪᠠᠢ᠌ᠭ᠎ᠠ ᠭᠡᠷ ᠵᠢᠠᠨ ᠣᠯᠵᠤ ᠴᠢᠳᠠᠪᠠᠯ ᠭᠡᠦᠭᠡᠨ ᠢ ᠠᠪᠣᠭᠠᠤᠨ ᠶᠠᠪᠣ ᠭᠡᠵᠤ ᠭᠡᠯᠡᠵᠤ ᠭᠡᠨ᠎ᠡ᠃ ᠮᠡᠷᠭᠡᠨ ᠳᠠᠮᠠᠨᠠ ᠮᠢᠩᠭ᠋ᠠᠨ ᠠᠯᠳᠠ ᠮᠢᠠᠳᠠᠰᠤᠨ ᠣᠳᠠᠰᠤ ᠶᠢ ᠨᠢᠳᠤᠷᠮ᠎ᠠ (ᠨᠢᠳᠤᠷᠭ᠎ᠠ) ᠵᠢᠨ ᠴᠢᠨᠡᠭᠡᠨ ᠪᠤᠯᠳᠡᠯ᠎ᠡ ᠪᠦᠮᠪᠦᠭᠡᠯᠡᠵᠤ ᠬᠠᠡᠴᠤᠢ᠌ᠯᠠᠭᠠᠳ᠂ ᠢᠷᠡᠭ᠍ᠰᠡᠨ ᠭᠦᠮᠤᠨ ᠢ ᠨᠢ ᠳᠠᠭᠠᠵᠤ ᠣᠷᠳᠤᠨ ᠳᠤ ᠣᠷᠤᠬᠤ ᠳᠠᠭᠠᠨ ᠣᠳᠠᠰᠤᠨ ᠤ ᠪᠠᠨ ᠨᠢᠭᠡ ᠥᠵᠦᠭᠦᠷ ᠢ ᠡᠭᠦᠳᠡᠨ ᠡᠴᠡ ᠪᠠᠨ ᠣᠶᠠᠵᠤ᠂ ᠬᠠᠠᠴᠤᠢ ᠡᠴᠡ ᠪᠠᠨ ᠰᠤᠪᠣᠭᠤᠯᠤᠨ ᠶᠠᠪᠣᠭᠠᠤᠨ ᠪᠠᠢ᠌ᠪᠠ ᠭᠡᠨ᠎ᠡ᠃ ᠮᠢᠩᠭ᠋ᠠᠨ ᠥᠷᠦᠭᠡ ᠲᠦᠮᠡᠨ ᠳᠠᠰᠤᠯᠭ᠎ᠠ ᠶᠢ ᠳᠠᠮᠵᠢᠵᠤ᠂ ᠭᠤᠷᠪᠠᠯᠵᠢᠨ ᠳᠦᠷᠪᠡᠯᠵᠢᠨ ᠣᠭᠠᠯᠵᠠᠨ ᠳᠦᠭᠡᠯᠵᠡᠨ ᠭᠡᠯᠪᠡᠷᠢᠳᠤ ᠣᠷᠳᠤ ᠰᠠᠷᠠᠪᠴᠢ ᠶᠢ ᠲᠠᠭᠠᠨ᠂ ᠭᠤᠯᠵᠢᠩ ᠮᠠᠯᠵᠢᠩ ᠶᠠᠪᠣᠭᠰᠠᠭᠠᠷ ᠶᠠᠪᠣᠭᠰᠠᠭᠠᠷ ᠪᠠᠢ᠌ᠳᠠᠯ᠎ᠠ ᠳᠤᠯᠤᠭᠠᠢ ᠡᠭᠢ ᠡᠷᠭᠢᠵᠤ᠂ ᠬᠠᠮᠢᠭ᠎ᠠ ᠡᠴᠡ ᠢᠷᠠᠵᠤ ᠬᠠᠮᠢᠭᠠᠰᠢ ᠬᠠᠠᠳᠤᠨ ᠶᠠᠪᠣᠭ᠎ᠠ ᠪᠠᠨ ᠴᠤ ᠮᠡᠳᠡᠭᠦ ᠦᠭᠡᠶ ᠪᠠᠢ᠌ᠳᠠᠯ᠎ᠠ ᠭᠡᠵᠢᠶᠡᠨᠢ ᠭᠤᠤᠯ ᠣᠷᠳᠤᠨ ᠳᠤ ᠣᠷᠤᠭᠠᠤᠨ ᠢᠷᠡᠴᠢᠭᠡᠭ᠍ᠰᠡᠨ ᠪᠠᠢ᠌ᠪᠠ ᠭᠡᠨ᠎ᠡ᠃ ᠰᠥᠨᠢ ᠬᠤᠭᠤᠰᠯᠠᠳᠠᠯ᠎ᠠ ᠨᠠᠢ᠌ᠷ ᠪᠣᠯᠤᠭᠠᠤᠨ᠂ ᠪᠣᠴᠠᠬᠤ ᠦᠶ᠎ᠡ ᠳᠤ ᠳᠡᠭᠦᠨ ᠢ ᠭᠠᠭᠴᠠᠭᠠᠷ ᠢ ᠣᠷᠭᠢᠭᠠᠳ ᠶᠠᠪᠣᠵᠠᠭᠠᠵᠠᠢ᠃ ᠳᠡᠭᠡᠭᠦ ᠳ᠋ᠦ ᠨᠢ ᠮᠡᠷᠭᠡᠨ ᠳᠠᠮᠠᠨᠠ ᠰᠠᠶ‍ᠢᠭᠢ ᠰᠤᠪᠤᠭᠤᠯᠵᠤ ᠢᠷᠡᠭ᠍ᠰᠡᠨ ᠣᠳᠠᠰᠤ ᠪᠠᠨ ᠳᠠᠭᠠᠭᠠᠤᠨ ᠬᠠᠷᠢᠵᠤ ᠭᠡᠨ᠎ᠡ᠃ ᠮᠠᠩᠭ᠋ᠠᠳᠤᠷ ᠥᠷᠦᠭᠦᠨ ᠨᠢ ᠬᠠᠭᠠᠨ᠄

— ᠣᠳᠤ ᠯᠠ ᠨᠢᠭᠡ ᠳᠦᠭᠡᠷᠢᠵᠤ ᠳᠡᠨᠤᠨ ᠭᠡᠷᠡᠮ ᠤᠨ ᠢᠷᠤᠭᠠᠯ (ᠢᠷᠤᠭᠠᠷ) ᠳᠤ ᠭᠡᠪᠳᠡᠵᠤ ᠬᠤᠨᠤᠭᠠᠤᠨ ᠮᠠᠷᠭᠤᠭᠠᠨ ᠳᠤ ᠣᠨᠠᠭᠰᠠᠨ ᠪᠣᠢ ᠭᠡᠵᠤ ᠪᠣᠳᠤᠨ ᠢᠷᠠᠵᠤ ᠥᠵᠡᠭᠦ ᠳᠤ ᠮᠡᠷᠭᠡᠨ ᠳᠠᠮᠠᠨᠠ ᠬᠠᠷᠢᠨ ᠣᠷᠤ ᠳᠡᠭᠡᠷ᠎ᠡ ᠪᠠᠨ ᠠᠮᠤᠷᠯᠢᠩᠭ᠋ᠤᠢ ᠨᠣᠢ᠌ᠷᠰᠤᠨ ᠪᠠᠢ᠌ᠪᠡ ᠭᠡᠨ᠎ᠡ᠃ ᠬᠠᠭᠠᠨ᠂ ᠭᠡᠦᠭᠡᠨ ᠶᠢᠡᠨ ᠲᠦᠪᠡᠳ ᠲᠤ ᠦᠭ‍ᠭᠦ ᠳᠤᠷ᠎ᠠ ᠨᠢ ᠡᠰᠡ ᠭᠦᠷᠭᠦ ᠳᠤ ᠬᠤᠶᠠᠳᠠᠭᠴᠢ ᠣᠳᠠᠭ᠎ᠠ ᠥᠭᠡ ᠪᠠᠨ ᠢᠳᠠᠵᠤ ᠭᠤᠷᠪᠠᠳᠤᠭᠠᠷ ᠣᠳᠠᠭ᠎ᠠ ᠮᠠᠷᠭᠤᠭ᠎ᠠ ᠪᠠᠨ ᠳᠠᠯᠪᠢᠵᠠᠢ᠃ ᠭᠤᠷᠪᠠᠳᠤᠭᠠᠷ ᠮᠠᠷᠭᠤᠭ᠎ᠠ ᠨᠢ ᠶᠠᠭᠤ ᠪᠤᠯᠳᠠᠭ︖ ᠭᠡᠭᠦᠯ᠎ᠡ᠂ ᠬᠠᠭᠠᠨ᠄

— ᠭᠤᠷᠪᠠᠨ ᠡᠳᠦᠷ ᠤᠨ ᠳᠠᠷᠠᠭ᠎ᠠ ᠴᠢᠨᠤ ᠡᠮᠦᠨ᠎ᠡ ᠭᠤᠷᠪᠠᠨ ᠵᠠᠭᠤᠨ ᠠᠨ᠎ᠠ ᠮᠠᠨ᠎ᠠ ᠬᠤᠪᠴᠠᠰᠤ ᠲᠡᠶ ᠠᠪ ᠠᠳᠠᠯᠢ ᠵᠢᠰᠤ ᠲᠡᠶ ᠭᠡᠦᠭᠡᠨ ᠢ ᠠᠪᠴᠢᠷᠠᠨ᠎ᠠ᠂ ᠳᠠᠳᠠᠨ ᠤ ᠳᠤᠳᠤᠷ᠎ᠠ ᠡᠴᠡ ᠦᠨᠦᠴᠢᠨ ᠭᠦᠡᠵᠤ ᠶᠢ ᠳᠠᠨᠢᠵᠤ ᠴᠢᠳᠠᠪᠠᠯ ᠠᠪᠣᠭᠠᠤᠨ ᠶᠠᠪᠣ ᠭᠡᠵᠤ ᠭᠡᠯᠡᠵᠡᠢ᠃ ᠡᠨᠡ ᠮᠠᠷᠭᠤᠭ᠎ᠠ ᠡᠴᠡ ᠬᠣᠢ᠌ᠳᠤ ᠮᠡᠷᠭᠡᠨ ᠳᠠᠮᠠᠨᠠ ᠴᠤ ᠠᠶᠤᠵᠤ ᠡᠭᠢᠯᠡᠵᠤ ᠭᠡᠨ᠎ᠡ᠄ ᠨᠤᠭᠤᠭᠠᠨ ᠳᠾᠠᠷᠢ ᠡᠭᠡ ᠦᠨᠦᠴᠢᠨ ᠭᠦᠡᠵᠤ ᠶᠢ ᠳᠠᠨᠢᠬᠤ ᠭᠦᠮᠤᠨ ᠪᠠᠷᠤᠭ ᠪᠠᠢ᠌ᠬᠤ ᠦᠭᠡᠶ ᠮᠥᠷᠳᠡᠭᠡᠨ ᠳᠠᠨᠢᠬᠤ ᠭᠦᠮᠤᠨ ᠪᠠᠢ᠌ᠬᠤ ᠪᠠᠷ ᠪᠣᠳᠤᠭᠰᠠᠨ ᠴᠤ ᠬᠤᠪᠴᠢ ᠰᠢᠷ᠎ᠠ ᠵᠢᠷᠤᠬᠠᠢ ᠡᠴᠡ ᠨᠢ ᠡᠡᠶ‍ᠤᠭᠠᠳ ᠭᠡᠯᠡᠳᠡᠭ᠌ ᠥᠭᠡᠢ ᠶ‍ᠤᠮᠰᠡᠡᠵᠡᠢ᠃ ᠮᠡᠷᠭᠡᠨ ᠳᠠᠮᠠᠨᠠ ᠠᠷᠭ᠎ᠠ ᠶᠠᠳᠠᠬᠤ ᠳᠠᠭᠠᠨ ᠬᠠᠭᠠᠨ ᠤ ᠡᠭᠦᠳᠡᠨ ᠳ᠋ᠠᠭᠢ ᠨᠢᠭᠡᠨ ᠵᠡᠷᠦᠴᠡ ᠡᠮᠡᠭᠡᠨ ᠡᠴᠡ ᠰᠤᠷᠠᠵᠠᠢ᠃ ᠡᠮᠡᠭᠡᠨ ᠶᠠᠮᠠᠷ ᠴᠤ ᠬᠠᠷᠢᠭᠤ ᠦᠭ‍ᠭᠦᠭ᠍ᠰᠡᠨ ᠦᠭᠡᠶ ᠬᠤᠶᠠᠷ ᠬᠤᠨᠤᠵᠤ᠂ ᠭᠤᠷᠪᠠᠳᠤᠭᠠᠷ ᠡᠳᠦᠷ ᠶᠢᠡᠨ ᠮᠡᠷᠭᠡᠨ ᠳᠠᠮᠠᠨᠠ ᠳᠤ ᠢᠷᠡᠭᠡᠤᠨ᠄

—ᠥᠨᠦᠴᠢᠨ ᠭᠦᠡᠵᠦ ᠶᠢ ᠳᠠᠨᠢᠵᠤ ᠠᠪᠬᠤ ᠠᠷᠭ᠎ᠠ ᠶᠢ ᠮᠢᠨᠤ ᠭᠡᠦᠭᠡᠨ ᠡᠴᠡ ᠡᠡᠰᠡᠭᠤ ᠭᠡᠵᠤ ᠭᠡᠯᠡᠮᠡᠭ᠍ᠴᠡ ᠭᠠᠷᠤᠭᠠᠳ ᠶᠠᠪᠣᠴᠢᠬᠠᠵᠤ ᠭᠡᠨ᠎ᠡ᠃ ᠮᠡᠷᠭᠡᠨ ᠳᠠᠮᠠᠨᠠ ᠠᠷᠤ ᠡᠴᠡ ᠨᠢ ᠭᠦᠭᠡᠭᠡᠵᠤ ᠭᠠᠷᠤᠭᠠᠤᠨ᠄

— ᠳᠠᠨ ᠤ ᠭᠡᠦᠭᠡᠨ ᠬᠠᠮᠢᠭ᠎ᠠ ᠪᠤᠢ︖ ᠭᠡᠪᠠᠯ᠄

— ᠡᠨᠡ ᠡᠮᠦᠨ᠎ᠡ ᠬᠠᠷᠠᠯᠠᠨ ᠪᠠᠢ᠌ᠭ᠎ᠠ ᠡᠵᠡᠭᠦᠢ ᠠᠭᠤᠯᠠᠨ ᠳᠤ ᠵᠤᠯᠢᠭ ᠲᠤ ᠭᠠᠷᠤᠭᠰᠠᠨ (ᠴᠥᠯᠡᠭ᠍ᠳᠡᠭ᠍ᠰᠡᠨ) ᠶ‍ᠤᠮ ᠭᠡᠵᠤ ᠭᠡᠨ᠎ᠡ᠃

— ᠵᠠᠮ ᠦᠭᠡᠶ ᠠᠭᠤᠯᠠᠨ ᠳᠤ ᠪᠢ ᠶᠠᠭᠠᠭᠢᠵᠤ ᠭᠦᠷᠴᠤ ᠰᠤᠷᠠᠬᠤ ᠪᠤᠢ︖ ᠭᠡᠭᠦ ᠳᠤ ᠡᠮᠡᠭᠡᠨ᠄

— ᠨᠠᠶᠠᠨ ᠦᠶᠡᠳᠦ ᠨᠠᠷᠢᠨ ᠴᠠᠭᠠᠨ ᠬᠤᠯᠤᠰᠤ ᠶᠢ ᠨᠢ᠋ᠮᠠᠨ ᠳᠠᠪᠠᠷᠢ ᠠᠪᠴᠢᠷᠠᠭᠠᠤᠨ ᠥᠶ᠎ᠡ ᠥᠶ᠎ᠡ ᠪᠠᠷ ᠭᠢᠷᠦᠭᠡᠳᠤᠨ ᠳᠠᠭᠠᠷᠢᠵᠤ᠂ ᠳᠠᠭᠢᠨ ᠭᠤᠤᠷᠰᠤ ᠶᠢ ᠠᠭᠤᠯᠠᠨ ᠳᠡᠭᠡᠭᠦᠷ ᠤᠭᠰᠠᠷᠠᠭᠤᠯᠤᠨ ᠳᠠᠯᠪᠢᠭᠠᠤᠨ ᠰᠤᠷᠠᠵᠤ ᠠᠪᠬᠤ ᠭᠠᠭᠴᠠ ᠠᠷᠭ᠎ᠠ ᠪᠠᠢ᠌ᠳᠠᠭ ᠪᠢᠯᠠ ᠭᠡᠵᠤ ᠭᠡᠨ᠎ᠡ᠃ ᠵᠨ ᠳᠡᠭᠡᠭᠡᠤᠨ ᠡᠨᠡ ᠡᠮᠡᠭᠡᠨ ᠤ ᠭᠡᠦᠭᠡᠨ ᠨᠢ ᠶᠠᠭᠠᠭᠢᠵᠤ ᠵᠤᠯᠢᠭ ᠲᠤ ᠭᠠᠷᠤᠭᠰᠠᠨ ᠪᠣᠢ︖ ᠭᠡᠪᠠᠯ ᠪᠠᠰᠠ ᠶᠡᠭᠡ ᠥᠯᠢᠭᠡᠷ ᠲᠡᠶ ᠶᠤᠮ ᠭᠡᠨ᠎ᠡ᠃

ᠬᠠᠭᠠᠨ ᠤ ᠣᠷᠳᠤᠨ ᠤ ᠵᠠᠭᠤ ᠮᠢᠩᠭ᠋ᠠᠨ ᠰᠢᠪᠠᠭ᠍ᠴᠢᠨ ᠳᠤᠳᠤᠷ᠎ᠠ ᠳᠠᠷᠠ ᠭᠡᠦᠭᠡᠨ ᠬᠠᠮᠤᠭ ᠮᠠᠷᠮᠠᠬᠠᠨ (ᠭᠤᠶᠤ᠂ ᠭᠦᠭᠡᠷᠦᠭᠦᠨ) ᠵᠢᠰᠤ ᠲᠡᠶ ᠪᠠᠢ᠌ᠭᠰᠠᠨ ᠢ ᠬᠠᠭᠠᠨ ᠮᠡᠳᠡᠭᠡᠤᠨ ᠭᠤᠤᠯ ᠣᠷᠳᠤᠨ ᠤ ᠰᠢᠪᠠᠭ᠍ᠴᠢᠨ ᠪᠣᠯᠭᠠᠭᠰᠠᠨ ᠭᠡᠨ᠎ᠡ᠃ ᠭᠡᠦᠭᠡᠨ ᠢ ᠭᠤᠤᠯ ᠣᠷᠳᠤᠨ ᠳᠤ ᠠᠪᠴᠢᠷᠠᠬᠤ ᠦᠶ᠎ᠡ ᠳᠤ ᠬᠠᠷ᠎ᠠ ᠪᠠᠭ᠎ᠠ ᠡᠴᠡ ᠪᠠᠨ ᠬᠠᠮᠳᠤ ᠥᠰᠦᠭ᠍ᠰᠡᠨ ᠯᠢᠮᠪᠣᠴᠢᠨ ᠭᠦᠤ ᠨᠢ᠄

— ᠴᠢ ᠶᠠᠪᠣᠭᠰᠠᠨ ᠠᠷᠤ ᠳᠤ ᠪᠢ ᠶᠠᠭᠠᠭᠢᠬᠤ ᠪᠤᠢ︖ ᠭᠡᠵᠤ ᠭᠡᠨ᠎ᠡ᠃ ᠭᠡᠦᠭᠡᠨ᠄

— ᠨᠠᠶᠠᠨ ᠦᠶᠡᠳᠦ ᠨᠠᠷᠢᠨ ᠴᠠᠭᠠᠨ ᠬᠤᠯᠤᠰᠤᠨ ᠯᠢᠮᠪᠣ ᠳᠡᠭᠡᠨ ᠮᠢᠨᠤ ᠳᠠᠭᠤ ᠶᠢ ᠰᠢᠩᠭᠡᠭᠡᠴᠢᠭᠡᠭᠡᠤᠨ ᠰᠤᠨᠤᠰᠤᠨ ᠰᠡᠭᠤ᠂ ᠲ᠋ᠡᠭᠡᠪᠠᠯ ᠨᠡᠮᠢ᠋ᠢ ᠪᠠᠨ ᠰᠠᠨᠠᠬᠤ ᠥᠭᠡᠢ ᠶ‍ᠤᠮ ᠭᠡᠵᠤ ᠭᠡᠯᠡᠭᠡᠤᠨ ᠯᠢᠮᠪᠣ ᠳ᠋ᠤᠨᠢ ᠳᠠᠭᠤ᠂ ᠥᠭᠡ ᠪᠠᠨ ᠰᠢᠩᠭᠡᠭᠡᠵᠤ ᠦᠭ‍ᠭᠦᠭ᠍ᠰᠡᠨ ᠶᠤᠮ ᠭᠡᠨ᠎ᠡ᠃ ᠡᠨᠡ ᠭᠦᠤ ᠶᠢᠨ ᠯᠢᠮᠪᠣ ᠪᠣᠯ ᠦᠪᠡᠷ ᠶᠢᠡᠨ ᠳᠠᠭᠤ ᠭᠠᠷᠬᠤ ᠪᠢᠰᠢ᠂ ᠬᠠᠷᠢᠨ ᠰᠢᠩᠭᠡᠭᠡᠵᠤ ᠠᠪᠤᠭᠰᠠᠨ ᠳᠠᠭᠤ ᠪᠠᠨ ᠭᠠᠷᠭᠠᠳᠠᠭ ᠶᠤᠮ ᠪᠠᠢ᠌ᠵᠠᠢ᠃

ᠭᠤᠤᠯ ᠣᠷᠳᠤᠨ ᠳᠤ ᠣᠷᠤᠭᠰᠠᠨ ᠰᠢᠪᠠᠭ᠍ᠴᠢᠳ ᠲᠤ ᠡᠳᠦᠷ ᠲᠡᠭᠡᠨ ᠪᠠᠷᠠᠭᠳᠠᠰᠢ ᠦᠭᠡᠶ ᠬᠠᠷ᠎ᠠ ᠠᠵᠢᠯ ᠭᠡᠴᠡᠭᠦᠤ ᠪᠣᠯᠪᠠᠴᠤ ᠬᠠᠮᠤᠭ ᠭᠡᠴᠡᠭᠦᠤ ᠨᠢ ᠬᠠᠭᠠᠨ ᠲᠡᠶ ᠣᠠᠳᠠᠬᠤ ᠠᠵᠢᠯ ᠪᠠᠢ᠌ᠯ᠎ᠠ ᠭᠡᠨ᠎ᠡ᠂ ᠣᠴᠢᠷ ᠨᠢ ᠬᠠᠭᠠᠨ ᠣᠷᠤᠢ ᠪᠣᠯᠭᠠᠨ ᠨᠢᠭᠡ ᠰᠢᠪᠠᠭ᠍ᠴᠢᠨ ᠢ ᠠᠪᠠᠴᠢᠭᠠᠤᠨ ᠥᠷᠦᠭᠦᠨ ᠪᠤᠯᠬᠤ ᠪᠦᠷᠢ ᠠᠯᠠᠭᠠᠤᠨ ᠬᠠᠶᠠᠴᠢᠬᠠᠳᠠᠭ ᠭᠡᠨ᠎ᠡ᠂ ᠭᠡᠳᠡᠯ᠎ᠡ ᠭᠦᠮᠦᠰ ᠶᠡᠭᠤ ᠪᠣᠯᠤᠭᠰᠠᠨ᠂ ᠬᠠᠮᠢᠭ᠎ᠠ ᠶᠠᠪᠣᠭᠰᠠᠨ ᠢ ᠨᠢ ᠴᠤ ᠮᠡᠳᠡᠳᠡᠭ᠌ ᠥᠭᠡᠢ ᠪᠠᠢ᠌ᠵᠡᠢ᠃ ᠤᠯᠡᠨ ᠰᠢᠪᠠᠭ᠍ᠴᠢᠳ ᠴᠦᠭᠡᠷᠡᠭ᠍ᠰᠡᠭᠡᠷ ᠪᠠᠢ᠌ᠭᠠᠤᠨ ᠨᠢᠭᠡᠨ ᠡᠳᠦᠷ ᠳᠠᠷᠠ ᠭᠡᠦᠭᠡᠨ ᠤ ᠡᠭᠡᠯᠵᠢ ᠪᠤᠯᠪᠠ ᠭᠡᠨ᠎ᠡ᠃ ᠰᠢᠪᠠᠭ᠍ᠴᠢᠳ ᠣᠷᠢᠳᠤᠭᠢ ᠲᠡᠶ ᠪᠠᠨ ᠠᠳᠠᠯᠢ ᠣᠭᠢᠯᠠᠵᠤ ᠣᠠᠵᠢᠨ ᠥᠭᠦᠵᠤ ᠰᠡᠯᠬᠤ ᠶᠢᠨ ᠶᠤᠰᠤ ᠭᠢᠵᠡᠭᠡᠵᠡᠢ᠃

ᠲ᠋ᠠᠷᠠ ᠭᠡᠦᠭᠡᠨ ᠬᠠᠭᠠᠨ ᠤ ᠣᠠᠳᠠᠬᠤ ᠥᠷᠦᠭᠡ ᠳᠤ ᠭᠦᠷᠦᠭᠡᠤᠨ ᠪᠠᠢ᠌ᠳᠠᠭ ᠣᠴᠢᠷ ᠢ ᠨᠢ ᠰᠢᠨ᠎ᠠ (ᠰᠠᠶ‍ᠢ) ᠨᠢᠭᠡ ᠮᠠᠳᠠᠵᠤ ᠭᠡᠨ᠎ᠡ᠄ ᠬᠠᠭᠠᠨ ᠴᠤ ᠭᠡᠵᠤ ᠰᠢᠩᠭᠡᠨ ᠳᠠᠯ ᠲᠡᠶ ᠰᠢᠯ ᠡᠪᠠᠷ ᠲᠡᠶ ᠶᠤᠰᠤᠳᠠᠢ ᠨᠢᠭᠡ ᠴᠢᠦᠡᠭᠦᠷ ᠤᠨ ᠠᠮᠢᠳᠠᠨ ᠪᠠᠢ᠌ᠵᠡᠢ᠃ ᠭᠡᠳᠡᠯ᠎ᠡ ᠭᠡᠦᠭᠡᠨ ᠶᠡᠭᠤ ᠴᠤ ᠥᠵᠡᠭ᠍ᠰᠡᠨ ᠮᠡᠳᠡᠭ᠍ᠰᠡᠨ ᠦᠭᠡᠶ ᠰᠢᠭ᠌ ᠵᠥᠭᠡᠷ ᠣᠭᠢᠯᠠᠭᠠᠤᠨ ᠯᠠ ᠪᠠᠢ᠌ᠵᠤ ᠭᠡᠨ᠎ᠡ᠃ ᠬᠠᠭᠠᠨ᠂ ᠭᠡᠦᠭᠡᠨ ᠤ ᠤᠪᠯᠡᠨ ᠣᠭᠢᠯᠠᠵᠤ ᠪᠠᠢ᠌ᠭ᠎ᠠ ᠶᠢ ᠨᠢ ᠮᠡᠳᠡᠴᠢᠭᠡᠭᠡᠤᠨ ᠵᠦᠷᠢᠴᠠ (ᠵᠤᠷᠢᠭᠤᠳᠠ) ᠪᠠᠷ᠄

— ᠴᠢ ᠶᠠᠭᠤᠨ ᠳᠤ ᠣᠭᠢᠯᠠᠵᠤ ᠪᠠᠢ᠌ᠬᠤ ᠪᠤᠢ︖ ᠭᠡᠰᠡᠨ ᠳᠤ ᠭᠡᠦᠭᠡᠨ᠄

— ᠳᠠ ᠮᠠᠩᠭ᠋ᠠᠳᠤᠷ ᠨᠠᠮᠢ᠋ᠢ ᠠᠯᠠᠬᠤ ᠪᠠᠢ᠌ᠬ᠎ᠠ ᠭᠡᠪᠠᠯ᠂ ᠬᠠᠭᠠᠨ᠄

— ᠪᠢ ᠴᠢᠮᠢ᠋ᠢ ᠠᠯᠠᠬᠤ ᠦᠭᠡᠶ ᠪᠠᠢ᠌ᠵᠤ ᠪᠣᠯᠤᠨ᠎ᠠ ᠦᠦ︖ ᠭᠡᠮᠡᠷᠭᠡᠨ (ᠭᠡᠷᠪᠡ) ᠴᠢ ᠭᠦᠮᠦᠰ ᠤᠨ ᠳᠤᠮᠳᠠ ᠣᠴᠢᠭᠠᠤᠨ 《ᠮᠠᠨ ᠤ ᠬᠠᠭᠠᠨ ᠰᠢᠩᠭᠡᠨ ᠲ᠋ᠡᠯ ᠲᠡᠶ᠂ ᠰᠢᠯ ᠡᠪᠠᠷ ᠲᠡᠶ ᠵᠡᠳᠭᠡᠷ ᠰᠢᠭ᠌ ᠠᠮᠢᠳᠠᠨ ᠪᠠᠢ᠌ᠨ᠎ᠠ》 ᠭᠡᠵᠤ ᠭᠡᠯᠡᠪᠠᠯ᠂ ᠠᠷᠠᠤᠨ ᠡᠡᠯᠪᠠᠳᠤ ᠪᠦᠭᠦᠳᠡᠭᠡᠷ ᠶᠢᠠᠨ ᠢᠷᠠᠵᠤ ᠨᠠᠮᠢ᠋ᠢ ᠴᠤᠭᠢᠭᠠᠤᠨ ᠠᠯᠠᠴᠢᠬᠠᠬᠤ ᠦᠭᠡᠶ ᠦᠦ︕ ᠭᠡᠵᠤ ᠭᠡᠨ᠎ᠡ᠃ ᠡᠭᠦᠨ ᠳᠤ ᠭᠡᠦᠭᠡᠨ᠂ ᠬᠠᠭᠠᠨ ᠤ ᠡᠮᠦᠨ᠎ᠡ ᠰᠥᠭᠦᠳᠦᠭᠡᠤᠨ᠄

— ᠬᠠᠭᠠᠠᠳᠠᠨ ᠮᠢᠨᠢ᠂ ᠪᠢ ᠨᠢᠭᠡ ᠴᠤ ᠭᠦᠮᠤᠨ ᠳᠤ ᠭᠡᠯᠡᠭᠦ ᠦᠭᠡᠶ ᠭᠡᠵᠤ ᠳᠠᠨ ᠤ ᠡᠮᠦᠨ᠎ᠡ ᠠᠠᠳᠠᠭᠠᠢ᠌ᠯᠠᠶ᠎ᠠ᠂ ᠨᠠᠳᠠ ᠡᠴᠡ ᠳᠤᠰᠠᠭᠠᠷ (ᠣᠠᠳᠤᠤ᠂ ᠠᠰᠳᠠᠭᠠᠨ) ᠶᠠᠮᠠᠷ ᠴᠤ ᠭᠦᠮᠤᠨ ᠢ ᠳᠠ ᠣᠳᠤ ᠡᠴᠡ ᠬᠣᠢ᠌ᠰᠢ ᠬᠠᠵᠠᠭᠤ ᠳᠠᠭᠠᠨ ᠪᠣᠤ ᠣᠠᠳᠠᠭᠤᠯ︕ ᠪᠢ ᠬᠠᠭᠠᠨ ᠳᠠᠭᠠᠨ ᠠᠠᠳᠠᠭᠠᠢ ᠳᠠᠯᠪᠢᠭᠰᠠᠨ ᠬᠣᠢ᠌ᠨ᠎ᠠ ᠨᠠᠰᠤ ᠪᠠᠷ ᠶᠢᠡᠨ ᠳᠠᠨ ᠲᠡᠶ ᠣᠠᠳᠠᠶ᠎ᠠ᠂ ᠳᠡᠭᠡᠪᠠᠯ ᠨᠠᠳᠠ ᠡᠴᠡ ᠳᠤᠰᠠᠭᠠᠷ ᠨᠢᠭᠡ ᠴᠤ ᠭᠦᠮᠤᠨ ᠮᠡᠳᠡᠭᠦ ᠦᠭᠡᠶ ᠪᠢᠰᠢ ᠦᠦ︕ ᠭᠡᠵᠡᠢ᠃

ᠭᠡᠦᠭᠡᠨ ᠠᠠᠳᠠᠭᠠᠢ ᠳᠠᠯᠪᠢᠭᠠᠤᠨ ᠪᠠᠢ᠌ᠬᠤ ᠪᠠᠷ ᠨᠢ ᠬᠠᠭᠠᠨ ᠪᠠᠬᠠᠨ ᠢᠳᠡᠭᠡᠯ ᠲᠡᠶ ᠪᠣᠯᠤᠭᠰᠠᠨ ᠭᠡᠨ᠎ᠡ᠂ ᠥᠨᠡ᠊ᠨᠳᠡᠭᠡᠨ ᠴᠤ ᠳᠠᠷᠠ ᠡᠢ᠌ᠮᠤ ᠰᠠᠢ᠌ᠬᠠᠨ ᠵᠢᠰᠤ ᠲᠡᠶ ᠭᠦᠮᠤᠨ ᠢ ᠠᠯᠠᠬᠤ ᠵᠤᠷᠢᠭ ᠦᠭᠡᠶ ᠪᠠᠢ᠌ᠵᠠᠢ᠃ ᠢᠩᠭᠢᠭᠡᠤᠨ ᠣᠷᠢᠳᠤ ᠣᠷᠢᠳᠤ ᠡᠴᠡ ᠪᠠᠨ ᠠᠪᠣᠭᠠᠤᠨ ᠣᠳᠤ ᠪᠤᠯᠳᠡᠯ᠎ᠡ ᠰᠢᠪᠠᠭ᠍ᠴᠢᠳ ᠲ᠋ᠡᠢ ᠪᠠᠨ ᠠᠮᠢᠳᠤ ᠮᠠᠠᠳᠤ ᠪᠠᠷ ᠠᠭᠤᠯᠵᠠᠵᠤ ᠴᠢᠳᠠᠭᠰᠠᠨ ᠨᠢ ᠡᠨᠡ ᠭᠡᠦᠭᠡᠨ ᠪᠣᠯᠵᠤ ᠭᠡᠨ᠎ᠡ᠃ ᠭᠡᠳᠡᠯ᠎ᠡ ᠬᠠᠭᠠᠨ ᠨᠢ ᠰᠢᠯ ᠡᠪᠠᠷ ᠲᠡᠶ᠂ ᠰᠢᠩᠭᠡᠨ ᠳᠠᠯ ᠲᠡᠶ ᠶᠢ ᠭᠦᠮᠤᠨ ᠳᠤ ᠭᠡᠯᠡᠭᠦ ᠦᠭᠡᠶ ᠪᠠᠷ ᠨᠢᠭᠤᠭᠠᠤᠨ ᠪᠠᠢ᠌ᠨ᠎ᠠ ᠭᠡᠭ᠍ᠴᠢ ᠮᠥᠨ ᠨᠢᠭᠡ ᠳᠠᠰᠴᠤ ᠴᠢᠳᠠᠮᠠᠷ ᠶᠠᠪᠣᠳᠠᠯ ᠪᠢᠰᠢ ᠪᠠᠢ᠌ᠵᠡᠢ᠃ ᠭᠡᠦᠭᠡᠨ ᠥᠭᠡ ᠪᠠᠨ ᠶᠠᠭᠠᠭᠢᠵᠤ ᠳᠠᠷᠤᠪᠠᠴᠤ ᠠᠮᠠ ᠪᠠᠷ ᠭᠠᠷᠴᠢᠬᠠᠬᠤ ᠭᠡᠤᠨ ᠪᠣᠯᠬᠤ ᠦᠭᠡᠶ ᠳᠤᠯᠠ ᠨᠢᠭᠡ ᠡᠳᠦᠷ ᠭᠤᠤᠯ ᠤᠨ ᠭᠦᠪᠠᠭᠡ ᠳᠤ ᠬᠤᠪᠴᠠᠰᠤ ᠣᠭᠢᠶᠠᠵᠤ ᠪᠠᠢ᠌ᠬᠤ ᠳᠠᠭᠠᠨ᠂ ᠬᠠᠵᠠᠭᠤ ᠳ᠋ᠤᠨᠢ ᠪᠠᠢ᠌ᠭᠰᠠᠨ ᠨᠢᠭᠡ ᠣᠭᠤᠳᠤᠨ᠎ᠠ ᠶᠢᠨ ᠨᠥᠭᠡ ᠣᠷᠤᠭᠤ᠄

— ᠭᠦᠶ‍ᠢ ᠭᠦᠶ‍ᠢ᠂ ᠳᠠᠨᠤᠰ ᠮᠠᠳᠠᠨ᠎ᠠ ᠦᠦ ᠥᠭᠡᠢ ᠤᠤ︖ ᠮᠠᠨ ᠤ ᠬᠠᠭᠠᠨ ᠭᠡᠵᠤ ᠨᠢᠭᠡ ᠰᠢᠯ ᠡᠪᠠᠷ ᠳᠡᠢ ᠰᠢᠩᠭᠡᠨ ᠳᠠᠯ ᠲᠡᠶ ᠴᠢᠦᠡᠭᠦᠷ ᠰᠢᠭ᠌ ᠡᠡᠮᠢᠳᠡᠨ ᠪᠠᠢ᠌ᠨ᠎ᠡ ᠭᠡᠵᠤ ᠭᠡᠯᠡᠭᠡᠤᠨ ᠣᠷᠭᠢᠭᠰᠠᠨ ᠴᠢᠨᠢ ᠴᠡᠭᠡᠵᠢ ᠨᠢ ᠣᠩᠭ᠋ᠣᠢ᠌ᠬᠤ ᠰᠢᠭ ᠪᠣᠯᠪᠠ ᠭᠡᠨ᠎ᠡ᠃ ᠲ᠋ᠡᠭᠡᠭᠡᠤᠨ ᠣᠢ᠌ᠷ᠎ᠠ ᠬᠤᠯᠠ ᠪᠠᠨ ᠠᠵᠢᠪᠠᠯ ᠭᠦᠮᠤᠨ ᠠᠮᠢᠳᠠᠨ ᠦᠭᠡᠶ ᠳᠤᠯᠠ ᠪᠠᠶᠠᠷ ᠪᠠᠶᠠᠰᠬᠤᠯᠠᠩ ᠲᠡᠶ ᠪᠠᠷ ᠣᠷᠳᠤᠨ ᠳᠠᠭᠠᠨ ᠪᠣᠴᠠᠵᠤ ᠢᠷᠠᠵᠠᠢ᠃ ᠭᠡᠳᠡᠯ᠎ᠡ ᠡᠨᠡ ᠥᠭᠡ ᠨᠢ ᠮᠦᠨ ᠳᠠᠷᠠ ᠣᠷᠤᠢ ᠪᠠᠨ ᠠᠷᠠᠤᠨ ᠠᠯᠪᠠᠳᠤ ᠶᠢᠨ ᠳᠤᠮᠳᠠ ᠳᠦᠭᠡᠵᠤ ᠭᠡᠨ᠎ᠡ᠃

ᠣᠴᠢᠷ ᠶᠠᠭᠤ ᠪᠣᠯᠪᠠ︖ ᠭᠡᠪᠠᠯ᠂ ᠲ᠋ᠡᠷᠡ ᠣᠭᠤᠳᠤᠨ᠎ᠠ ᠶᠢᠨ ᠨᠥᠭᠡ ᠪᠣᠯ ᠰᠠᠶ‍ᠢᠭᠢ ᠯᠢᠮᠪᠣᠴᠢᠨ ᠵᠠᠯᠠᠭᠤ ᠣᠷᠤᠢ ᠣᠷᠤᠢ ᠢᠷᠠᠵᠤ ᠭᠡᠦᠭᠡᠨ ᠤ ᠪᠠᠨ ᠳᠠᠭᠤ ᠶᠢ ᠰᠤᠨᠤᠰᠤᠭᠠᠤᠨ ᠯᠢᠮᠪᠣ ᠪᠠᠨ ᠨᠢᠭᠤᠵᠤ ᠳᠠᠯᠪᠢᠳᠠᠭ ᠨᠥᠭᠡ ᠨᠢ ᠪᠠᠢ᠌ᠵᠡᠢ᠃ ᠲ᠋ᠡᠭᠡᠭᠡᠤᠨ ᠯᠠ ᠭᠡᠦᠭᠡᠨ ᠤ ᠥᠭᠡ ᠯᠢᠮᠪᠦ ᠳᠤ ᠰᠢᠩᠭᠡᠵᠤ᠂ ᠤᠷᠦᠢ ᠨᠢ ᠵᠠᠯᠠᠭᠤ ᠢᠷᠠᠵᠤ ᠯᠢᠮᠪᠣ ᠪᠠᠨ ᠳᠤᠤᠭᠠᠷᠭᠠᠬᠤ ᠳᠤ ᠬᠠᠭᠠᠨ ᠤ ᠨᠢᠭᠤᠴᠠ ᠢᠷᠤᠭᠠᠯ ᠶᠢᠡᠷ ᠶᠢᠡᠨ ᠵᠠᠳᠠᠷᠠᠭᠰᠠᠨ ᠭᠡᠷᠡᠭ᠌ ᠪᠣᠯᠵᠠᠢ᠃

ᠬᠠᠭᠠᠨ ᠂ ᠨᠢᠭᠤᠴᠠ ᠵᠠᠳᠠᠷᠠᠭᠰᠠᠨ ᠢ ᠰᠤᠨᠤᠰᠤᠮᠠᠭᠴᠠ᠂ ᠭᠡᠨ ᠵᠠᠳᠠᠷᠠᠭᠤᠯᠪᠠ︖ ᠭᠡᠵᠤ ᠬᠤᠪᠴᠢ ᠰᠢᠷ᠎ᠠ ᠵᠢᠷᠤᠬᠠᠢ ᠪᠠᠨ ᠠᠪᠣᠭᠠᠤᠨ ᠦᠵᠡᠪᠠᠯ᠄ 《ᠬᠤᠶᠠᠷ ᠠᠮᠠ ᠲᠡᠶ ᠬᠤᠯᠤᠰᠤᠨ ᠴᠢᠦᠡᠭᠦᠷ ᠵᠠᠳᠠᠷᠠᠭᠤᠯᠪᠠ》 ᠭᠡᠵᠤ ᠢᠯᠡᠷᠡᠭ᠍ᠰᠡᠨ ᠢ ᠮᠡᠳᠡᠭᠦ ᠦᠭᠡᠶ ᠳᠤᠯᠠ ᠭᠡᠦᠭᠡᠨ ᠢ ᠰᠡᠵᠢᠭ᠍ᠯᠡᠵᠡᠢ᠃ ᠰᠡᠵᠢᠭ᠍ᠯᠡᠭᠡᠤᠨ ᠰᠢᠯᠲᠠᠭ ᠤᠯᠳᠡᠬᠤ ᠥᠭᠡᠢ ᠲ᠋ᠦᠯᠡ ᠠᠯᠠᠬᠤ ᠶᠠᠯ᠎ᠠ ᠳᠤᠯᠭᠠᠵᠤ ᠴᠢᠳᠠᠭᠰᠠᠨ ᠦᠭᠡᠶ᠂ ᠠᠪᠠᠴᠢᠭᠠᠤᠨ ᠵᠠᠮ ᠦᠭᠡᠶ ᠡᠵᠡᠭᠦᠢ ᠠᠭᠤᠯᠠᠨ ᠳᠤ ᠵᠤᠯᠢᠭ ᠲᠤ ᠭᠠᠷᠭᠠᠭᠰᠠᠨ ᠨᠢ ᠳᠠᠷᠠ ᠪᠠᠢ᠌ᠵᠤ ᠭᠡᠨ᠎ᠡ᠃

ᠮᠡᠷᠭᠡᠨ ᠲ᠋ᠡᠮᠡᠨᠡ ᠳᠠᠷᠠ ᠡᠵᠡᠭᠦᠢ ᠠᠭᠤᠯᠠᠨ ᠳᠤ ᠭᠦᠷᠦᠭᠡᠤᠨ ᠡᠭᠡ ᠶᠢᠨ ᠭᠢᠨᠢ ᠵᠠᠭᠢᠭᠰᠠᠨ ᠶᠤᠰᠤᠭᠠᠷ ᠨᠠᠶᠠᠨ ᠦᠶᠠᠳᠤ ᠨᠠᠷᠢᠨ ᠬᠤᠯᠤᠰᠤ ᠶᠢ ᠨᠢ᠋ᠮᠠᠨ ᠳᠠᠪᠠᠷᠢ ᠠᠪᠴᠢᠷᠠᠵᠤ ᠦᠶ᠎ᠡ ᠦᠶ᠎ᠡ ᠪᠠᠷ ᠨᠢ ᠭᠢᠷᠦᠭᠡᠳᠡᠨ ᠳᠠᠭᠠᠷᠢᠵᠤ᠂ ᠳᠠᠭᠢᠨ ᠭᠤᠤᠷᠰᠤ ᠭᠤᠤᠷᠰᠤ ᠪᠠᠷ ᠨᠢ ᠠᠭᠤᠯᠠᠨ ᠳᠡᠭᠡᠭᠦᠷ ᠣᠭᠰᠠᠷᠠᠭᠤᠯᠤᠨ ᠳᠠᠯᠪᠢᠵᠤ ᠪᠠᠢ᠌ᠭᠠᠤᠨ ᠦᠨᠦᠴᠢᠨ ᠭᠦᠡᠵᠤ ᠶᠢ ᠶᠠᠭᠠᠭᠢᠵᠤ ᠳᠠᠨᠢᠵᠤ ᠠᠪᠬᠤ ᠠᠷᠭ᠎ᠠ ᠶᠢ ᠳᠠᠷᠠ ᠭᠡᠦᠭᠡᠨ ᠡᠴᠡ ᠰᠤᠷᠠᠵᠤ ᠭᠡᠨ᠎ᠡ᠃ ᠲ᠋ᠡᠭᠡᠭᠦ ᠳᠤ ᠳᠠᠷᠠ ᠭᠡᠦᠭᠡᠨ ᠨᠠᠷᠢᠨ ᠭᠤᠤᠷᠰᠤ ᠪᠠᠷ᠄

— ᠳᠠ ᠣᠷᠢᠳ ᠶᠢᠡᠷ ᠮᠠᠨ ᠤ ᠭᠡᠷ ᠤᠨ ᠡᠭᠦᠳᠡᠨ ᠳᠤ ᠨᠢᠭᠡᠨ ᠭᠠᠵᠠᠷ ᠵᠤᠤᠬ᠎ᠠ ᠮᠠᠯᠳᠠᠭᠠᠤᠨ ᠳᠤᠳᠤᠷ᠎ᠠ ᠨᠢ ᠡᠬᠡ ᠵᠢ ᠰᠠᠭᠤᠯᠭ᠎ᠠ᠃ ᠲ᠋ᠡᠭᠡᠭᠡᠤᠨ ᠳᠡᠭᠡᠷ᠎ᠡ ᠨᠢ ᠳᠤᠮᠤ ᠰᠢᠭ ᠬᠠᠢ᠌ᠰᠤ (ᠲ᠋ᠠᠮᠤᠷ ᠳᠤᠭᠤᠭ᠎ᠠ) ᠳᠠᠯᠪᠢᠵᠤ ᠳᠤᠳᠤᠷ᠎ᠠ ᠨᠢ ᠳᠠᠭᠢᠶᠠᠨ ᠦᠳᠦ᠂ ᠨᠤᠬᠠᠢ ᠶᠢᠨ ᠨᠤᠤᠰᠤ᠂ ᠡᠯᠳᠡᠪ ᠠᠮᠢᠳᠠᠨ ᠤ ᠪᠠᠭᠠᠰᠤ ᠶᠢ ᠬᠤᠯᠢᠵᠤ ᠭᠢᠭᠡᠤᠨ ᠲ᠋ᠡᠭᠡᠷ᠎ᠡ ᠡᠴᠡ ᠨᠢ ᠪᠠᠰᠠ ᠬᠠᠶ‍ᠢᠩ ᠬᠠᠯᠢᠪ (ᠭᠦᠩᠭᠡᠨ ᠴᠠᠭᠠᠨ ᠬᠠᠪᠬᠠᠭᠠᠰᠤ) ᠶᠢᠡᠷ ᠳᠠᠷᠤ᠃ ᠬᠠᠮᠤᠭ ᠰᠡᠭᠦᠯ ᠳᠤ ᠳᠠᠮᠤᠷ ᠭᠤᠤᠷᠰᠤ ᠪᠠᠷ ᠡᠨᠡ ᠪᠦᠭᠦᠨ ᠢ ᠰᠢᠪᠳᠤᠯᠤᠭᠠᠤᠨ ᠨᠢᠭᠡ ᠥᠵᠦᠭᠦᠷ ᠢ ᠨᠢ ᠳᠠ ᠴᠢᠭᠢᠨ ᠳ᠋ᠡᠭᠡᠨ ᠲᠤᠯᠭᠠᠭᠠᠳ ᠰᠤᠨᠤᠰ᠃ ᠥᠨᠦᠴᠢᠨ ᠭᠦᠡᠵᠤ ᠶᠡᠮᠡᠷ ᠶᠠᠩᠵᠤ ᠲᠡᠶ ᠪᠠᠢ᠌ᠳᠠᠭ ᠢ ᠮᠢᠨᠤ ᠡᠭᠡ ᠳᠠᠷᠠ ᠭᠤᠤᠷᠰᠤ ᠪᠠᠷ ᠲ᠋ᠠᠨ ᠳ᠋ᠤ ᠭᠡᠯᠡᠵᠤ ᠦᠭ‍ᠭᠦ ᠶᠤᠮ᠃ ᠭᠠᠭᠴᠠ ᠡᠨᠡ ᠠᠷᠭ᠎ᠠ ᠪᠠᠷ ᠶᠠᠪᠣᠪᠠᠯ ᠬᠤᠪᠴᠢ ᠰᠢᠷ᠎ᠠ ᠵᠢᠷᠤᠬᠠᠢ ᠮᠠᠨᠤᠰ ᠢ ᠢᠯᠡᠷᠡᠭᠦᠯᠵᠤ ᠴᠢᠳᠠᠬᠤ ᠦᠭᠡᠶ ᠶᠤᠮ ᠭᠡᠵᠤ ᠭᠡᠯᠡᠵᠤ ᠦᠭ‍ᠭᠦᠭ᠍ᠰᠡᠨ ᠭᠡᠨ᠎ᠡ᠃

ᠮᠡᠷᠭᠡᠨ ᠳᠠᠮᠠᠨᠠ ᠳᠠᠠᠳᠠ ᠡᠴᠡ ᠪᠠᠨ ᠬᠠᠷᠢᠵᠤ ᠢᠷᠡᠭᠡᠤᠨ ᠭᠡᠦᠭᠡᠨ ᠤ ᠭᠡᠯᠡᠭ᠍ᠰᠡᠨ ᠶ‍ᠤᠰᠤᠭᠠᠷ ᠭᠢᠵᠤ ᠭᠦᠢᠴᠤᠨᠭᠡᠵᠡᠢ᠂ ᠲ᠋ᠡᠭᠡᠭᠡᠤᠨ ᠭᠤᠤᠷᠰᠤᠨ ᠤ ᠥᠵᠦᠭᠦᠷ ᠳᠡᠭᠡᠷ᠎ᠡ ᠴᠢᠭᠢ ᠪᠠᠨ ᠳᠠᠯᠪᠢᠨ ᠴᠢᠩᠨᠠᠪᠠᠯ ᠡᠭᠡ ᠨᠢ᠄

— ᠠᠨ᠎ᠠ ᠮᠠᠨ᠎ᠠ ᠬᠤᠪᠴᠠᠰᠤ ᠲᠡᠶ ᠠᠪ ᠠᠳᠠᠯᠢ ᠭᠤᠷᠪᠠᠨ ᠵᠠᠭᠤᠨ ᠭᠡᠦᠭᠡᠨ ᠴᠢᠨᠤ ᠡᠮᠦᠨ᠎ᠡ ᠡ᠊ᠩᠨᠡᠭᠦ ᠳᠤ᠂ ᠴᠢ ᠠᠷᠭᠠᠯᠠᠵᠤ ᠪᠠᠢ᠌ᠭᠠᠤᠨ ᠳᠠᠳᠠᠨ ᠤ ᠳᠤᠳᠤᠷᠠᠭᠢ ᠨᠢᠭᠡ ᠯᠠ ᠭᠡᠦᠭᠡᠨ ᠤ ᠡᠭᠦᠳᠡᠨ ᠴᠠᠭᠠᠨ ᠰᠢᠳᠤᠨ ᠲ᠋ᠡᠭᠡᠷ᠎ᠡ 《ᠭ》 ①ᠭᠡᠰᠡᠨ ᠠᠯᠳᠠᠨ ᠥᠰᠦᠭ᠌ ᠪᠣᠢ᠂ ᠳᠠᠷᠠ ᠪᠣᠯ ᠳᠠᠷᠤᠢ ᠦᠨᠦᠴᠢᠨ ᠭᠦᠡᠵᠤ ᠠᠪᠠᠬᠠᠢ ᠮᠥᠨ᠃ ᠢᠨᠢᠶᠡᠭᠦ ᠲᠡᠶ ᠨᠢ ᠵᠡᠷᠭᠡ ᠪᠠᠰᠠ ᠬᠠᠮᠠᠷ ᠤᠨ ᠬᠤᠶᠠᠷ ᠨᠥᠭᠡ ᠪᠠᠷ ᠨᠢ ᠬᠤᠶᠠᠷ ᠠᠯᠳᠠᠨ ᠵᠥᠭᠡᠢ ᠨᠢᠰᠤᠨ ᠭᠠᠷᠤᠭᠠᠤᠨ ᠡᠭᠡᠮ ᠲ᠋ᠡᠭᠡᠷ᠎ᠡ ᠨᠢ ᠭᠦᠷᠭᠦ ᠳᠡᠭᠡᠨ ᠡᠷᠢᠶᠡᠨ ᠴᠤᠬᠤᠷ ᠡᠷᠪᠠᠭᠡᠢ ᠪᠣᠯᠬᠤ ᠪᠠᠢ᠌ᠬ᠎ᠠ᠃ ᠴᠢ ᠳᠠᠳᠠᠨ ᠢ ᠵᠠᠪᠠᠯ ᠢᠨᠢᠶᠡᠯᠭᠡᠭᠦ ᠦᠭᠡᠶ ᠪᠣᠯ ᠭᠡᠷᠡᠭ᠌ ᠪᠦᠳᠦᠭ᠍ᠰᠡᠨ ᠦᠭᠡᠶ ᠨᠢ ᠳᠠᠷᠠ ᠭᠡᠵᠤ ᠮᠠᠳᠠ ᠭᠡᠵᠤ ᠭᠡᠯᠡᠵᠤ ᠥᠭ᠍ᠴᠡᠢ᠃

ᠵᠨ᠂ ᠳᠡᠭᠡᠭᠡᠤᠨ ᠭᠦᠡᠵᠤ ᠠᠪᠠᠬᠠᠢ ᠶᠢ ᠳᠠᠨᠢᠵᠤ ᠠᠪᠬᠤ ᠡᠳᠦᠷ ᠨᠢ ᠪᠣᠯᠪᠠ ᠭᠡᠨ᠎ᠡ᠃

ᠬᠣᠢ᠌ᠳᠤ ᠮᠡᠷᠭᠡᠨ ᠲ᠋ᠡᠮᠡᠨᠡ ᠭᠡᠦᠭᠡᠡᠴᠦᠳ ᠤᠨ ᠡᠮᠦᠨ᠎ᠡ ᠭᠦᠷᠦᠭᠡᠤᠨ ᠳᠠᠳᠠᠨ ᠢ ᠬᠠᠯᠢᠶᠠᠭᠰᠠᠨ (ᠥᠵᠡᠭ᠍ᠰᠡᠨ) ᠴᠤ ᠦᠭᠡᠶ᠂ ᠬᠠᠷᠢᠨ ᠲ᠋ᠠᠠᠳᠠ ᠪᠠᠨ ᠨᠢᠭᠡ ᠶᠠᠭᠤᠮ᠎ᠠ ᠪᠣᠳᠤᠨ ᠭᠠᠩᠰᠠ ᠪᠠᠨ ᠬᠣᠢ᠌ᠨ᠎ᠠ ᠬᠣᠢ᠌ᠨ᠎ᠠ ᠡᠴᠡ ᠨᠢ ᠨᠠᠷᠠᠵᠤ᠂ ᠪᠠᠢ᠌ᠨ ᠪᠠᠢ᠌ᠨ ᠠᠷᠢᠭᠢ ᠭᠦᠡᠳᠦᠷᠤᠨ ᠨᠠᠭᠠᠰᠢ ᠴᠠᠭᠠᠰᠢ ᠠᠯᠬᠤᠭᠠᠤᠨ ᠪᠠᠢ᠌ᠪᠠ ᠭᠡᠨ᠎ᠡ᠃ ᠳᠡᠭᠡᠭ᠍ᠰᠡᠭᠡᠷ ᠪᠠᠢ᠌ᠭᠠᠤᠨ ᠰᠤᠭᠳᠤᠵᠤ ᠢᠷᠠᠵᠠᠢ᠃ ᠡᠪᠦᠷ ᠡᠴᠡ ᠪᠠᠨ ᠭᠠᠩᠰᠠ ᠶᠢᠨ ᠳᠠᠩᠬᠠᠭ (ᠲ᠋ᠠᠮᠠᠭᠢᠨ ᠤ ᠣᠭᠤᠳᠠ) ᠵᠢᠠᠨ ᠭᠠᠷᠭᠠᠬᠤ ᠭᠡᠤᠨ ᠬᠠᠷᠢᠨ ᠨᠢᠭᠡ ᠭᠡᠦᠭᠡᠤᠨ ᠤᠨ ᠢᠰᠡᠭᠡᠢ ᠪᠣᠢ᠌ᠳᠤᠭ ᠭᠠᠷᠭᠠᠵᠤ ᠢᠷᠠᠨ ᠭᠠᠩᠰᠠ ᠪᠠᠨ ᠠᠯᠭᠤᠷ ᠠᠭᠠᠵᠢᠮ ᠣᠷᠤᠯᠳᠤᠭᠠᠤᠨ 《ᠳᠠᠮᠠᠭᠢ》 ᠪᠠᠨ ᠮᠠᠯᠳᠠᠵᠤ ᠡᠭᠢᠯᠡᠪᠡ ᠭᠡᠨ᠎ᠡ᠃ ᠭᠡᠦᠭᠡᠡᠴᠦᠳ ᠡᠭᠦᠨ ᠢ ᠥᠵᠡᠭᠡᠤᠨ ᠳᠡᠰᠭᠦ ᠠᠯᠳᠠᠨ ᠣᠨᠠᠵᠤ ᠪᠣᠰᠳᠠᠯ᠎ᠠ ᠪᠠᠨ ᠢᠨᠢᠶᠠᠯᠳᠤᠵᠤ ᠪᠠᠢ᠌ᠬᠤ ᠵᠠᠭᠤᠷ᠎ᠠ ᠨᠢ ᠮᠡᠷᠭᠡᠨ ᠳᠠᠮᠠᠨᠠ ᠨᠢᠭᠡ ᠯᠠ ᠰᠢᠷᠪᠢᠮᠡᠭ᠍ᠴᠡ ᠪᠠᠨ ᠡᠭᠦᠳᠡᠨ ᠴᠠᠭᠠᠨ ᠰᠢᠳᠤ ᠳᠡᠭᠡᠷ᠎ᠡ ᠪᠠᠨ 《ᠭ》 ᠭᠡᠰᠡᠨ ᠡᠡᠯᠳᠡᠨ ᠥᠰᠦᠭ᠌ ᠲᠡᠶ ᠨᠢᠭᠡᠨ ᠭᠡᠦᠭᠡᠨ ᠪᠠᠢ᠌ᠬᠤ ᠶᠢ ᠥᠵᠡᠭᠡᠤᠨ ᠡᠡᠮᠵᠢᠭᠰᠡᠨ ᠮᠥᠷᠳᠡᠭᠡᠨ ᠬᠠᠮᠠᠷ ᠡᠴᠡ ᠨᠢ ᠬᠤᠶᠠᠷ ᠡᠡᠯᠳᠡᠨ ᠵᠥᠭᠡᠢ ᠭᠠᠷᠴᠤ ᠨᠢᠰᠦᠭᠡᠤᠨ ᠡᠭᠡᠮ ᠳᠡᠭᠡᠷ᠎ᠡ ᠨᠢ ᠭᠦᠷᠦᠮᠡᠭ᠍ᠴᠡ ᠡᠷᠢᠶᠡᠨ ᠴᠤᠬᠤᠷ ᠡᠷᠪᠠᠭᠡᠢ ᠪᠣᠯᠤᠨ ᠬᠤᠪᠢᠯᠵᠤ ᠣᠳᠤᠭᠰᠠᠨ ᠢ ᠴᠤ ᠣᠯᠤᠭᠠᠤᠨ ᠦᠵᠡᠵᠤ ᠭᠡᠨ᠎ᠡ᠃ ᠮᠡᠷᠭᠡᠨ ᠳᠠᠮᠠᠨᠠ ᠳᠡᠭᠦᠨ ᠢ ᠣᠯᠠᠨ ᠤ ᠳᠤᠮᠳᠠ ᠡᠴᠡ ᠭᠦᠳᠦᠯᠤᠨ ᠭᠠᠷᠬᠤ ᠳᠤ ᠬᠠᠭᠠᠨ᠂ ᠮᠢᠨᠤ ᠭᠡᠦᠭᠡᠨ ᠡᠢ᠌ᠮᠤ ᠳᠠᠢ᠌ᠮᠤ ᠳᠡᠮᠳᠡᠭ᠌ ᠲᠡᠶ ᠭᠡᠳᠡᠭ᠌ ᠢ ᠯᠠᠪ ᠨᠢᠭᠡ ᠭᠦᠮᠤᠨ ᠭᠡᠯᠡᠵᠤ ᠦᠭ‍ᠭᠦᠭ᠍ᠰᠡᠨ ᠪᠠᠢ᠌ᠬ᠎ᠠ ᠭᠡᠵᠤ ᠪᠣᠳᠤᠭᠠᠤᠨ᠄

— ᠬᠤᠪᠴᠢ ᠰᠢᠷ᠎ᠠ ᠵᠢᠷᠤᠬᠠᠢ᠌ ᠶᠢ ᠠᠪᠣᠭᠠᠤᠨ ᠢᠷ᠎ᠠ ᠭᠡᠵᠤ ᠬᠠᠰᠭᠢᠷᠴᠠᠢ᠃ ᠠᠪᠴᠢᠷᠠᠬᠤ ᠳᠤᠨᠢ ᠥᠵᠡᠭ᠍ᠰᠡᠨ ᠴᠢᠨᠢ᠄ 《ᠳᠠᠭᠢᠶᠠᠨ ᠦᠳᠦ ᠭᠡᠯᠡᠪᠡ᠂ ᠨᠤᠬᠠᠢ ᠶᠢᠨ ᠨᠤᠤᠰᠤ ᠭᠡᠯᠡᠪᠡ᠂ ᠡᠯᠳᠡᠪ ᠠᠮᠢᠳᠠᠨ ᠤ ᠪᠠᠭᠠᠰᠤ ᠭᠡᠯᠡᠪᠡ᠂ ᠵᠡᠭᠡᠷᠡᠨ ᠰᠢᠯᠪᠢ ᠲᠡᠶ ᠵᠠᠰ ᠬᠤᠩᠰᠢᠶᠠᠷ ᠲᠡᠶ ᠡᠮ᠎ᠡ ᠴᠢᠦᠡᠭᠦᠷ ᠭᠡᠯᠡᠪᠡ ᠁》 ᠭᠡᠭᠦ ᠵᠡᠷᠭᠡ ᠪᠠᠷ ᠢᠯᠡᠷᠡᠭᠡᠤᠨ ᠪᠠᠢ᠌ᠭᠰᠠᠨ ᠳᠤ ᠬᠠᠭᠠᠨ᠄ 《ᠡᠢ᠌ᠮᠤ ᠠᠮᠢᠳᠠᠨ ᠬᠠᠮᠢᠭ᠎ᠠ ᠪᠠᠢ᠌ᠬᠤ ᠪᠣᠢ︖ ᠴᠠᠭ ᠤᠨ ᠮᠠᠭᠤ ᠢᠷᠡᠭᠦ ᠳᠤ ᠡᠨᠡ ᠪᠠᠰᠠ ᠭᠡᠷᠡᠭ᠌ ᠶᠢᠠᠨ ᠪᠠᠷᠠᠬᠤ ᠶᠤᠮ ᠪᠠᠢ᠌ᠨ᠎ᠠ》 ᠭᠡᠵᠤ ᠠᠭᠤᠷᠯᠠᠭᠠᠳ ᠬᠤᠪᠴᠢ ᠰᠢᠷ᠎ᠠ ᠵᠢᠷᠤᠬᠠᠢ ᠪᠠᠨ ᠭᠠᠯ ᠳᠤ ᠬᠠᠶᠠᠵᠠᠢ᠃ ᠵᠠ ᠳᠡᠭᠡᠭᠡᠤᠨ ᠶᠠᠭᠤᠮ᠎ᠠ ᠪᠦᠭᠦᠨ ᠢ ᠳᠤᠳᠤᠯᠠᠨ ᠳᠤᠯᠢᠳᠠᠳᠠᠭ ᠬᠤᠪᠴᠢ ᠰᠢᠷ᠎ᠠ ᠵᠢᠷᠤᠬᠠᠢ ᠬᠤᠨᠢᠨ ᠤ ᠲ᠋ᠠᠯᠤ ᠳᠤ ᠨᠠᠭᠠᠯᠳᠤᠵᠤ ᠰᠢᠩᠭᠡᠭᠡᠭ᠍ᠰᠡᠨ ᠢ ᠮᠡᠷᠭᠡᠨ ᠳᠠᠮᠠᠨᠠ ᠥᠵᠡᠭᠡᠤᠨ ᠬᠤᠵᠢᠮ ᠨᠢ ᠨᠤᠳᠤᠭ ᠳᠠᠭᠠᠨ ᠢᠷᠠᠵᠤ ᠵᠠᠳᠠᠷᠠᠭᠤᠯᠤᠭᠰᠠᠨ ᠡᠴᠡ ᠬᠣᠢ᠌ᠰᠢ ᠮᠤᠩᠭ᠋ᠤᠯ ᠭᠦᠮᠤᠨ ᠬᠤᠨᠢᠨ ᠤ ᠳᠠᠯᠤ ᠳᠦᠯᠠᠵᠤ ᠪᠠᠯᠭᠡ ᠪᠠᠷᠢᠨ ᠶᠠᠭᠤᠮ᠎ᠠ ᠥᠵᠡᠳᠡᠭ᠌ ᠪᠣᠯᠤᠭᠰᠠᠨ ᠭᠡᠨ᠎ᠡ᠃

ᠮᠡᠷᠭᠡᠨ ᠳᠠᠮᠠᠨᠠ ᠭᠡᠦᠭᠡᠨ ᠢ ᠳᠠᠭᠠᠭᠤᠯᠤᠭᠠᠤᠨ ᠮᠤᠷᠳᠠᠬᠤ ᠪᠣᠯᠵᠠᠢ᠂ ᠭᠡᠳᠡᠯ᠎ᠡ ᠭᠡᠦᠭᠡᠨ ᠦᠪᠡᠷ ᠶᠢᠡᠨ ᠶᠠᠪᠣᠬᠤ ᠳᠤᠷ᠎ᠠ ᠦᠭᠡᠶ ᠭᠡᠨ᠎ᠡ᠃ ᠡᠭᠦᠨ ᠳᠤ ᠬᠠᠭᠠᠨ ᠬᠠᠳᠤᠨ ᠬᠤᠶᠠᠷ ᠠᠮᠠᠨ ᠳᠡᠭᠡᠷ᠎ᠡ ᠶᠢᠡᠨ 《ᠶᠠᠪᠣ ᠶᠠᠪᠣ》 ᠭᠡᠵᠤ ᠱᠠᠭᠠᠷᠳᠠᠵᠤ ᠪᠠᠢ᠌ᠪᠠᠴᠤ ᠠᠷᠤ ᠳᠠᠭᠠᠨ ᠬᠤᠶᠠᠭᠤᠯᠠ ᠥᠭᠦᠳᠡᠯ᠎ᠡ ᠪᠠᠶᠠᠷᠯᠠᠵᠤ᠂ ᠵᠦᠷᠢᠴᠠ (ᠵᠤᠷᠢᠭᠤᠳᠠ) ᠪᠠᠷ ᠮᠡᠷᠭᠡᠨ ᠳᠠᠮᠠᠨᠠ ᠶᠢ ᠬᠠᠢ᠌ᠵᠤ ᠢᠷᠡᠭᠡᠤᠨ᠄

— ᠭᠡᠦᠭᠡᠨ ᠦᠪᠡᠷ ᠶᠢᠡᠨ ᠳᠤᠷ᠎ᠠ ᠦᠭᠡᠶ ᠭᠡᠨ᠎ᠡ᠂ ᠣᠳᠤ ᠶᠠᠭᠠᠭᠢᠳᠠᠭ ᠪᠢᠯᠡ︖ ᠭᠡᠵᠡᠢ᠃ ᠮᠡᠷᠭᠡᠨ ᠳᠠᠮᠠᠨᠠ᠄

— ᠠ ᠭᠡᠮ ᠦᠭᠡᠶ᠂ ᠭᠡᠦᠭᠡᠨ ᠳᠡᠭᠡᠨ ᠬᠠᠮᠤᠭ ᠤᠨ ᠲ᠋ᠤᠷᠠᠳᠠᠢ ᠶᠠᠭᠤᠮ᠎ᠠ ᠶᠢ ᠥᠭ᠌᠂ ᠲ᠋ᠡᠭᠡᠪᠠᠯ ᠶᠠᠪᠣᠬᠤ ᠪᠠᠢ᠌ᠬ᠎ᠠ ᠭᠡᠵᠤ ᠭᠡᠯᠡᠭᠡᠤᠨ ᠠᠵᠢᠭ ᠴᠤ ᠦᠭᠡᠶ ᠪᠠᠷᠠᠩᠭᠢᠷ ᠬᠤᠩᠭ᠋ᠤᠷ ᠴᠠᠢ ᠪᠠᠨ ᠠᠯᠭᠤᠷ ᠠᠭᠠᠵᠢᠮ ᠪᠠᠯᠭᠤᠨ ᠰᠠᠭᠤᠵᠤ ᠭᠡᠨ᠎ᠡ᠃ ᠳᠠᠳᠠ ᠭᠠᠷᠴᠤ ᠶᠠᠪᠣᠮᠠᠭᠴᠠ ᠮᠡᠷᠭᠡᠨ ᠳᠠᠮᠠᠨᠠ᠂ ᠠᠪᠠᠬᠠᠢ ᠶᠢᠨ ᠥᠷᠦᠭᠡ ᠳᠤ ᠭᠦᠷᠪᠠᠯ ᠮᠥᠨ ᠯᠠ ᠶᠠᠪᠣᠬᠤ ᠦᠭᠡᠶ ᠭᠡᠤᠨ ᠣᠭᠢᠯᠠᠵᠤ ᠣᠠᠵᠢᠨ ᠰᠠᠭᠤᠵᠤ ᠪᠠᠢ᠌ᠨ᠎ᠠ ᠭᠡᠨ᠎ᠡ᠃ ᠳᠠᠷᠠ᠄

— ᠪᠢ ᠶᠠᠪᠣᠬᠤ ᠳᠤᠷ᠎ᠡ ᠥᠭᠡᠢ᠂ ᠶᠠᠭᠠᠭᠢᠪᠠᠯ ᠭᠡᠯᠳᠦᠷᠢᠵᠤ ᠴᠢᠳᠡᠬᠤ ᠪᠤᠢ︖ ᠭᠡᠵᠤ ᠡᠷᠢᠵᠤ ᠡ᠊ᠩᠰᠡᠪᠡ (ᠭᠤᠶᠤᠵᠤ ᠭᠤᠩᠰᠢᠪᠠ) ᠭᠡᠨ᠎ᠡ᠃ ᠳᠡᠭᠡᠭᠦ ᠳᠤ ᠮᠡᠷᠭᠡᠨ ᠳᠠᠮᠠᠨᠠ᠄

— ᠠ᠂ ᠠᠪᠣ ᠡᠭᠡ ᠴᠢᠨᠢ ᠴᠢᠮ᠎ᠠ ᠶᠢ ᠠᠯᠢ ᠳᠤᠷ᠎ᠠ ᠲᠡᠶ ᠶᠠᠭᠤᠮ᠎ᠠ ᠪᠠᠨ ᠠᠪ ᠭᠡᠭᠦ ᠪᠠᠢ᠌ᠬ᠎ᠠ᠂ ᠳᠡᠭᠡᠭᠦ ᠳ᠋ᠤᠨᠢ ᠴᠢ᠄ 《ᠪᠢ ᠶᠠᠪᠣᠬᠤ ᠦᠭᠡᠶ ᠭᠡᠳᠡᠭ᠌ ᠤᠨ ᠣᠴᠢᠷ ᠨᠢ ᠨᠠᠷᠠ ᠰᠠᠷᠠ ᠰᠢᠭ ᠠᠪᠣ ᠡᠭᠡ ᠬᠤᠶᠠᠷ ᠡᠴᠡ ᠪᠠᠨ ᠰᠠᠯᠵᠤ ᠴᠢᠳᠠᠬᠤ ᠦᠭᠡᠶ ᠪᠠᠢ᠌ᠨ᠎ᠠ᠂ ᠭᠡᠷᠪᠡ ᠠᠪᠣ ᠡᠭᠡ ᠬᠤᠶᠠᠷ ᠮᠢᠨᠢ ᠨᠠᠳᠠᠳᠤ ᠣᠭᠳᠠᠷᠭᠤᠢ ᠶᠢᠨ ᠨᠠᠷᠠ ᠰᠠᠷᠠ ᠶᠢ ᠪᠠᠷᠢᠵᠤ ᠦᠭ‍ᠭᠦᠪᠠᠯ ᠪᠢ ᠶᠠᠪᠣᠨ᠎ᠠ》 ᠭᠡᠵᠤ ᠭᠡᠯᠡ᠂ ᠴᠢᠩᠭᠢᠭᠦ ᠳᠤ ᠡᠡᠪᠦ ᠡᠭᠡ ᠬᠤᠶᠠᠷ ᠴᠢᠨᠢ ᠣᠭᠳᠠᠷᠭᠤᠢ ᠶᠢᠨ ᠨᠠᠷᠠ ᠰᠠᠷᠠ ᠶᠢ ᠪᠠᠷᠢᠵᠤ ᠴᠢᠳᠠᠬᠤ ᠦᠭᠡᠶ ᠶᠢᠨ ᠣᠯᠠᠮ ᠶᠢᠡᠷ ᠴᠢ ᠳᠠᠩᠭ᠋ᠤᠳ ᠲᠤ ᠶᠠᠪᠣᠬᠤ ᠡᠴᠡ ᠭᠡᠯᠳᠦᠷᠢᠵᠤ ᠴᠢᠳᠠᠨ᠎ᠠ ᠭᠡᠵᠤ ᠭᠡᠨ᠎ᠡ᠃ ᠳᠡᠭᠡᠭᠡᠤᠨ ᠬᠠᠭᠠᠨ ᠬᠠᠳᠤᠨ ᠬᠤᠶᠠᠷ ᠮᠡᠷᠭᠡᠨ ᠳᠠᠮᠠᠨᠠ ᠶᠢᠨ ᠭᠡᠯᠡᠭ᠍ᠰᠡᠨ ᠶᠤᠰᠤᠭᠠᠷ ᠠᠯᠢ ᠳᠤᠷ᠎ᠠ ᠲᠡᠶ ᠶᠠᠭᠤᠮ᠎ᠠ ᠪᠠᠨ ᠠᠪ ᠭᠡᠭᠦ ᠳ᠋ᠦᠨᠢ᠂ ᠭᠡᠦᠭᠡᠨ ᠮᠦᠨ ᠮᠡᠷᠭᠡᠨ ᠳᠠᠮᠠᠨᠠ ᠶᠢᠨ ᠭᠡᠯᠡᠭ᠍ᠰᠡᠨ ᠶᠤᠰᠤᠭᠠᠷ ᠨᠠᠷᠠ ᠰᠠᠷᠠ ᠶᠢ ᠪᠠᠷᠢᠵᠤ ᠥᠭ᠌ ᠭᠡᠵᠤ ᠭᠡᠨ᠎ᠡ᠃ ᠲ᠋ᠡᠭᠡᠭᠦ ᠳᠤ ᠠᠪᠣ ᠡᠭᠡ ᠨᠢ ᠰᠠᠠᠳᠤᠷᠴᠤ ᠢᠷᠡᠭᠡᠤᠨ᠄

— ᠣᠳᠤ ᠶᠠᠭᠠᠭᠢᠵᠤ ᠨᠠᠷᠠ ᠰᠠᠷᠠ ᠶᠢ ᠨᠢ ᠪᠠᠷᠢᠵᠤ ᠥᠭ᠍ᠳᠡᠭ᠌ ᠪᠢᠯᠡ︖ ᠭᠡᠵᠤ ᠮᠡᠷᠭᠡᠨ ᠳᠠᠮᠠᠨᠠ ᠡᠴᠡ ᠠᠰᠠᠭᠤᠬᠤ ᠳᠤ᠄

— ᠠ ᠳᠡᠭᠦᠨ ᠳᠤ ᠶᠠᠳᠠᠬᠤ ᠶᠠᠭᠤ ᠪᠠᠢ᠌ᠬᠤ ᠪᠤᠢ︖ ᠪᠦᠳᠤᠨ ᠳᠡᠭᠡᠷᠮ᠎ᠡ ᠶᠢ ᠠᠯᠳᠠ ᠪᠠᠷ ᠰᠢᠷᠳᠠᠵᠤ᠂ ᠳᠠᠯ᠎ᠠ ᠳᠡᠭᠡᠷᠮ᠎ᠡ ᠶᠢ ᠮᠥᠩᠭᠦ ᠪᠠᠷ ᠰᠢᠷᠳᠠᠵᠤ ᠬᠤᠷᠴᠠ ᠨᠠᠷᠠ ᠲᠡᠶ ᠡᠳᠦᠷ ᠭᠠᠷᠭᠠᠭᠠᠤᠨ ᠥᠵᠡᠭᠦᠯᠵᠤ ᠥᠭ᠌ ᠭᠡᠵᠡᠢ᠃ ᠴᠢᠩᠭᠢᠭᠡᠤᠨ ᠮᠦᠨ ᠠᠷᠭ᠎ᠠ ᠪᠠᠷ ᠨᠢ ᠬᠤᠷᠴᠠ ᠨᠠᠷᠠ ᠲᠡᠶ ᠦᠳᠡ ᠶᠢᠨ ᠭᠤᠤᠯ ᠳᠤ ᠭᠡᠦᠭᠡᠨ ᠶᠢᠡᠨ ᠳᠠᠭᠤᠳᠠᠵᠤ ᠢᠷᠡᠭᠡᠤᠨ᠄

—ᠨᠠᠷᠠ ᠰᠠᠷᠠ ᠵᠢ ᠪᠠᠷᠢᠭᠠᠤᠨ ᠢᠷᠠᠯ᠎ᠠ ᠭᠡᠵᠤ ᠭᠠᠷᠭᠠᠨ ᠥᠵᠡᠭᠦᠯᠭᠦ ᠳᠤ ᠠᠯᠳᠠ ᠮᠥᠩᠭᠦ ᠪᠠᠷ ᠰᠢᠷᠳᠡᠭ᠍ᠰᠡᠨ ᠪᠦᠳᠤᠨ ᠳᠠᠯ᠎ᠠ ᠳᠡᠭᠡᠷᠮ᠎ᠡ ᠨᠢ ᠬᠤᠷᠴᠠ ᠭᠡᠷᠡᠯ ᠳᠤ ᠭᠢᠯᠪᠠᠢ᠌ᠭᠠᠤᠨ ᠥᠨᠡᠭᠡᠷ ᠨᠠᠷᠠ ᠰᠠᠷᠠ ᠰᠢᠭ ᠬᠠᠷᠠᠭᠳᠠᠵᠤ ᠭᠡᠨ᠎ᠡ᠃ ᠬᠠᠭᠠᠨ ᠤ ᠠᠷᠭ᠎ᠠ ᠪᠦᠭᠦᠨ ᠢᠩᠭᠢᠭᠡᠤᠨ ᠯᠠ ᠡᠴᠦᠰᠯᠡᠵᠤ ᠨᠤᠭᠤᠭᠠᠨ ᠳᠠᠷᠢ ᠡᠭᠡ ᠦᠨᠦᠴᠢᠨ ᠭᠦᠡᠵᠤ ᠶᠠᠪᠣᠬᠤ ᠪᠠᠷ ᠪᠣᠯᠤᠭᠰᠠᠨ ᠶᠤᠮ ᠭᠡᠨ᠎ᠡ᠃ ᠬᠠᠭᠠᠨ ᠬᠠᠳᠤᠨ ᠬᠤᠶᠠᠷ ᠮᠡᠷᠭᠡᠨ ᠳᠠᠮᠠᠨᠠ ᠡᠴᠡ᠄

— ᠣᠳᠤ ᠡᠨᠡ ᠨᠠᠷᠠ ᠰᠠᠷᠠ ᠬᠤᠶᠠᠷ ᠶᠢᠡᠨ ᠶᠠᠭᠤᠨ ᠳᠤ ᠪᠣᠭᠤᠭᠠᠤᠨ ᠠᠪᠴᠤ ᠶᠠᠪᠣᠬᠤ ᠪᠤᠢ︖ ᠭᠡᠭᠦ ᠳ᠋ᠤᠨᠢ᠄

— ᠨᠢᠯᠴᠠᠭᠠᠢ (ᠨᠣᠢ᠌ᠳᠠᠨ) ᠨᠡᠭᠡᠢ ᠳᠤ ᠪᠣᠭᠤᠭᠠᠤᠨ ᠠᠴᠢᠵᠤ ᠤᠷᠭᠢ ᠭᠡᠵᠤ ᠭᠡᠯᠡᠵᠡᠢ᠃

ᠮᠡᠷᠭᠡᠨ ᠳᠠᠮᠠᠨᠠ ᠮᠤᠷᠳᠠᠬᠤ ᠳᠠᠭᠠᠨ ᠭᠢᠳᠠᠤᠨ ᠡᠴᠡ ᠨᠢᠭᠡ ᠭᠡᠰᠡᠭ᠌ ᠮᠤᠳᠤᠴᠢᠨ᠂ ᠳᠠᠮᠤᠷᠴᠢᠨ᠂ ᠨᠡᠭᠡᠮᠡᠯᠴᠢᠨ᠂ ᠳᠠᠷᠢᠶᠠᠴᠢᠨ ᠁ ᠢ ᠠᠪᠣᠭᠠᠤᠨ ᠶᠠᠪᠣᠬᠤ ᠭᠡᠰᠡᠨ ᠳᠤ ᠬᠠᠭᠠᠨ ᠳᠤᠳᠤᠷ᠎ᠠ ᠪᠠᠨ᠄ 《ᠡᠨᠡ ᠣᠳᠠᠭ᠎ᠠ ᠠᠷᠭᠠᠯᠠᠵᠤ ᠪᠠᠢ᠌ᠭᠠᠤᠨ ᠡᠭᠦᠨ ᠢ ᠠᠪᠴᠤ ᠰᠠᠭᠤᠭᠠᠤᠨ ᠠᠯᠠᠵᠤ ᠣᠷᠭᠢᠬᠤ ᠦᠭᠡᠶ ᠪᠣᠯ ᠬᠤᠵᠢᠮ ᠬᠣᠢ᠌ᠰᠢᠳᠠ ᠭᠠᠵᠠᠷ ᠳᠤᠤᠷ᠎ᠠ ᠡᠴᠡ ᠭᠠᠷᠴᠤ ᠮᠡᠳᠡᠭᠦ ᠭᠠᠢ ᠶᠢᠨ ᠦᠨᠳᠦᠰᠦ ᠳᠠᠷᠠ》 ᠭᠡᠵᠤ ᠪᠣᠳᠤᠭᠠᠤᠨ᠄

— ᠴᠢᠨᠤ ᠰᠠᠴᠠᠨ ᠮᠡᠷᠭᠡᠨ ᠣᠬᠠᠭᠠᠨ ᠢ ᠪᠢ ᠪᠢᠰᠢᠷᠠᠵᠤ ᠪᠠᠢ᠌ᠬᠤ ᠳᠤᠯᠠ ᠳᠡᠳᠡᠭᠡᠷ ᠤᠷᠡᠴᠦᠳ ᠳᠠᠷᠬᠠᠤᠨ ᠢ ᠶᠠᠪᠣᠭᠤᠯᠤᠭᠠᠤᠨ ᠣᠷᠤᠨ ᠳ᠋ᠤᠨᠢ ᠴᠢᠮᠠᠶ᠋ᠢ ᠥᠯᠡᠳᠡᠭᠡᠵᠤ ᠣᠷᠳᠤᠨ ᠳᠠᠭᠠᠨ ᠰᠠᠭᠤᠯᠭᠠᠬᠤ ᠪᠠᠷ ᠳᠤᠭᠳᠠᠯ᠎ᠠ ᠭᠡᠵᠤ ᠳᠠᠰᠤ ᠭᠡᠯᠡᠵᠤ ᠳᠠᠯᠪᠢᠪᠠ ᠭᠡᠨ᠎ᠡ᠃ ᠲ᠋ᠡᠭᠡᠭᠡᠤᠨ ᠮᠡᠷᠭᠡᠨ ᠳᠠᠮᠠᠨᠠ ᠳᠡᠳᠡᠭᠡᠷ ᠭᠦᠮᠦᠰ ᠲᠡᠭᠡᠨ ᠭᠦᠷᠦᠭᠡᠤᠨ᠄

— ᠡᠵᠡᠨ ᠤ ᠵᠠᠷᠯᠢᠭ ᠡᠷᠭᠢᠯᠳᠡ ᠥᠭᠡᠢ ᠬᠤᠢ᠌ᠨ᠎ᠡ ᠶᠠᠮᠠᠷ ᠠᠷᠭ᠎ᠠ ᠪᠠᠢ᠌ᠨ᠎ᠠ᠂ ᠳᠠᠨᠠᠷ ᠠᠪᠠᠬᠠᠢ ᠶᠢ ᠠᠪᠣᠭᠠᠤᠨ ᠣᠷᠢᠤᠨ ᠶᠢᠡᠷ ᠶᠡᠪᠦᠵᠤ ᠪᠠᠢ᠌ᠭᠠᠷᠠᠢ᠂ ᠪᠢ ᠡᠡᠷᠤ ᠡᠴᠡ ᠳᠠᠨᠢ ᠭᠦᠢᠴᠡᠵᠤ ᠭᠦᠷᠦᠶ᠎ᠡ ᠭᠡᠤᠨ ᠭᠢᠳᠠᠤᠨ ᠤᠨ ᠬᠠᠭᠠᠨ ᠤ ᠣᠷᠳᠤᠨ ᠳᠤ ᠰᠠᠭᠤᠵᠤ ᠬᠤᠴᠤᠷᠤᠭᠰᠠᠨ ᠭᠡᠨ᠎ᠡ᠃ ᠲ᠋ᠡᠭᠡᠭᠡᠤᠨ ᠨᠢᠭᠡ ᠨᠢᠭᠤᠴᠠ ᠣᠷᠳᠤᠨ ᠳ᠋ᠤᠨᠢ ᠪᠠᠢ᠌ᠷᠢᠯᠠᠵᠤ᠂ ᠳᠤᠳᠤᠷ᠎ᠠ ᠨᠢ ᠨᠤᠬᠠᠢ᠂ ᠭᠠᠬᠠᠢ᠂ ᠳᠠᠭᠢᠶ᠎ᠠ ᠭᠡᠭᠦ ᠶᠠᠩᠵᠤ ᠶᠢᠨ ᠡᠯᠳᠡᠪ ᠠᠮᠢᠳᠠᠨ ᠤ ᠰᠡᠭ᠌ ᠢ ᠬᠤᠷᠢᠶᠠᠵᠤ᠂ ᠳᠡᠭᠡᠷ᠎ᠡ ᠨᠢ ᠳᠡᠪᠢᠰᠭᠡᠷ ᠶᠢᠡᠨ ᠳᠡᠯᠭᠡᠨ ᠭᠡᠪᠳᠡᠭᠡᠤᠨ᠄

— ᠨᠡᠳᠡᠳᠤ ᠡᠪᠠᠦᠡᠴᠢᠨ ᠳᠤᠰᠪᠠ ᠭᠡᠵᠤ ᠤᠪᠯᠡᠵᠤ ᠭᠡᠨ᠎ᠡ᠃ ᠭᠢᠳᠠᠤᠨ ᠤᠨ ᠬᠠᠭᠠᠨ᠂ ᠨᠠᠷ᠎ᠠ ᠳᠠᠢ ᠲ᠋ᠤᠯᠤᠭᠠᠨ ᠡᠮᠴᠢ ᠪᠠᠨ ᠵᠠᠯᠠᠵᠤ ᠥᠵᠡᠭᠦᠯᠭᠦ ᠳᠤ ᠥᠮᠡᠭᠡᠢ ᠦᠨᠦᠷ ᠲ᠋ᠤᠨᠢ ᠣᠢ᠌ᠷᠠᠤᠠᠬᠤ ᠡᠡᠷᠭ᠎ᠠ ᠥᠭᠡᠢ ᠳᠤᠯᠠ ᠠᠷᠠᠪᠰᠠ (ᠴᠤᠩᠬᠤ) ᠪᠠᠷ ᠨᠢ ᠣᠯᠠᠭᠠᠨ ᠥᠩᠭᠡᠳᠡᠢ ᠶᠤᠩᠬᠤᠷ ᠳᠤᠷᠭᠠᠨ ᠣᠳᠠᠰᠤ ᠬᠠᠶᠠᠵᠤ ᠦᠭ‍ᠭᠦᠭᠡᠤᠨ᠄

— ᠪᠠᠭᠤᠤ ᠡᠴᠡ ᠪᠠᠨ ᠣᠷᠢᠶᠠᠵᠤ ᠤᠶᠠᠭᠠᠷᠠᠢ ᠭᠡᠵᠤ ᠭᠡᠨ᠎ᠡ᠃ ᠳᠡᠭᠡᠭᠦ ᠳ᠋ᠤᠨᠢ ᠮᠡᠷᠭᠡᠨ ᠳᠠᠮᠠᠨᠠ ᠪᠠᠭᠤᠤ ᠡᠴᠡ ᠪᠠᠨ ᠣᠶᠠᠭᠰᠠᠨ ᠦᠭᠡᠶ ᠬᠠᠷᠢᠨ ᠭᠠᠬᠠᠢ ᠵᠢᠨ ᠰᠢᠭᠢᠷ᠎ᠠ ᠡᠴᠡ ᠣᠶᠠᠵᠤ ᠥᠭ᠍ᠴᠡᠢ᠃ ᠡᠮᠴᠢ ᠣᠳᠠᠰᠤᠨ ᠤ ᠪᠠᠨ ᠨᠢᠭᠡ ᠥᠵᠦᠭᠦᠷ ᠢ ᠪᠠᠷᠢᠵᠤ ᠥᠵᠡᠭᠡᠤᠨ ᠬᠠᠭᠠᠨ ᠳᠤ᠄

— ᠥᠭᠦᠭ᠍ᠰᠡᠨ ᠳᠤᠭᠤᠷᠠᠢ᠌ᠳᠠᠨ ᠤ ᠰᠤᠳᠠᠰᠤ ᠢᠯᠠᠷᠠᠵᠤ ᠪᠠᠢ᠌ᠨ᠎ᠠ ᠭᠡᠵᠡᠢ᠃ ᠳᠡᠭᠡᠭᠡᠤᠨ ᠮᠡᠷᠭᠡᠨ ᠳᠠᠮᠠᠨᠠ ᠶᠢ ᠳᠠᠭᠢᠨ᠄

— ᠭᠠᠷ ᠶᠢᠡᠨ ᠰᠤᠯᠢᠵᠤ ᠤᠶᠠᠭᠠᠷᠠᠢ ᠭᠡᠭᠦ ᠳ᠋ᠤᠨᠢ ᠳᠠᠭᠢᠶᠠᠨ ᠤ ᠰᠢᠯᠪᠢ ᠡᠴᠡ ᠣᠷᠢᠶᠠᠭᠠᠤᠨ ᠣᠷᠭᠢᠵᠤ ᠭᠡᠨ᠎ᠡ᠃ ᠡᠮᠴᠢ ᠪᠠᠷᠢᠵᠤ ᠥᠵᠡᠭᠡᠤᠨ᠄

— ᠥᠭᠦᠭ᠍ᠰᠡᠨ ᠵᠢᠭᠦᠷᠳᠡᠨ ᠤ ᠰᠤᠳᠠᠰᠤ ᠢᠯᠠᠷᠠᠵᠤ ᠪᠠᠢ᠌ᠨ᠎ᠠ ᠭᠡᠭᠦ ᠳᠤ᠂ ᠬᠠᠭᠠᠨ ᠳᠠᠯᠪᠠᠷᠠᠳᠠᠯ᠎ᠠ ᠪᠠᠨ ᠠᠭᠤᠷᠯᠠᠵᠤ᠄

— ᠴᠠᠭ ᠤᠨ ᠮᠠᠭᠤ ᠢᠷᠡᠭᠦ ᠳᠤ ᠴᠢᠨᠤᠰ ᠴᠤ ᠶᠠᠭᠤᠮ᠎ᠠ ᠮᠡᠳᠡᠭᠦ ᠪᠠᠨ ᠪᠠᠢ᠌ᠬᠤ ᠨᠢ ᠡ᠂ ᠭᠡᠤᠨ ᠪᠠᠢ᠌ᠳᠠᠭ ᠨᠠᠷ᠎ᠠ ᠲᠡᠶ ᠡᠮᠴᠢ ᠨᠡᠷ ᠶᠢᠡᠨ ᠪᠦᠭᠦᠳᠡ ᠶᠢ ᠴᠠᠪᠴᠢᠭᠠᠤᠨ ᠠᠯᠠᠴᠢᠬᠠᠵᠤ ᠭᠡᠨ᠎ᠡ᠃ ᠲ᠋ᠡᠭᠡᠭᠡᠤᠨ ᠮᠡᠷᠭᠡᠨ ᠳᠠᠮᠠᠨᠠ ᠡᠴᠡ᠄

— ᠣᠳᠤ ᠶᠠᠭᠠᠭᠢᠪᠠᠯ ᠳᠠᠨ ᠤ ᠡᠪᠠᠦᠡᠴᠢᠨ ᠠᠶᠠᠳᠠᠳᠠᠭ (ᠡᠳᠡᠭᠡᠳᠡᠭ᠌) ᠪᠢᠯᠡ︖ ᠭᠡᠭᠦ ᠳᠤ᠄

— ᠊ᠭ᠍᠊ᠬᠢᠪ ᠳᠤᠷᠭᠠᠨ ᠤ ᠦᠨᠡᠰᠤ ᠨᠢᠭᠡ ᠠᠳᠬᠤ ᠢᠳᠠᠪᠠᠯ ᠮᠠᠭᠠᠤᠨ ᠦᠭᠡᠶ ᠭᠡᠵᠤ ᠭᠡᠨ᠎ᠡ᠃ ᠬᠠᠭᠠᠨ ᠪᠦᠭᠦ ᠣᠯᠤᠰ ᠤᠨ ᠶᠢᠡᠨ ᠳᠤᠷᠭ᠎ᠠ ᠊ᠭ᠍᠊ᠬᠢᠪ ᠢ ᠳᠦᠯᠠᠨ ᠪᠠᠷᠠᠵᠤ ᠪᠠᠢ᠌ᠵᠤ ᠰᠠᠶ‍ᠢ ᠨᠢᠭᠡ ᠠᠤᠠᠬᠤ ᠦᠨᠡᠰᠤ ᠣᠯᠵᠤ ᠥᠭ᠍ᠴᠡᠢ᠃ ᠮᠡᠷᠭᠡᠨ ᠳᠠᠮᠠᠨᠠ ᠦᠨᠡᠰᠤ ᠶᠢ ᠢᠳᠡᠴᠢᠭᠡᠭᠡᠤᠨ᠄

— ᠪᠠᠰᠠ ᠯᠠ ᠠᠶᠠᠳᠠᠭᠰᠠᠨ ᠦᠭᠡᠶ᠃ ᠣᠳᠤ ᠮᠠᠨ ᠤ ᠪᠣᠷᠬᠠᠨ ᠱᠠᠰᠢᠨ ᠨᠠᠮᠢ᠋ᠢ ᠨᠤᠲᠤᠭ ᠲ᠋ᠠᠭᠠᠨ ᠪᠤᠴᠠᠭᠰᠠᠨ ᠥᠭᠡᠢ ᠮᠥᠷᠳᠡᠭᠡᠨ ᠰᠢᠳᠦᠭᠡᠨ ᠶᠢᠡᠨ ᠰᠢᠳᠦᠭ᠍ᠰᠡᠨ ᠦᠭᠡᠶ ᠭᠡᠵᠤ ᠠᠭᠤᠷᠯᠠᠵᠤ ᠪᠠᠢ᠌ᠨ᠎ᠠ᠂ ᠪᠢ ᠨᠢᠭᠡ ᠣᠪᠣᠭ᠎ᠠ ᠳᠠᠭᠢᠭᠠᠤᠨ ᠢᠷᠠᠶ᠎ᠠ ᠭᠡᠰᠡᠨ ᠳᠤ ᠬᠠᠭᠠᠨ ᠵᠦᠪᠰᠢᠶᠠᠷᠠᠵᠤ᠂ ᠳᠤᠯᠤᠭᠠᠨ ᠲᠦᠰᠢᠮᠠᠯ ᠶᠢᠡᠨ ᠦᠭ‍ᠭᠦᠭᠡᠤᠨ᠄

— ᠣᠪᠣᠭ᠎ᠠ ᠳᠠᠭᠢᠬᠤ ᠳᠤ ᠪᠠᠰᠠ ᠶᠠᠭᠤ ᠭᠡᠷᠡᠭ᠍ᠳᠡᠢ ᠪᠢᠯᠡ︖ ᠭᠡᠭᠦ ᠳ᠋ᠤᠨᠢ᠄

— ᠠ᠂ ᠳᠤᠯᠤᠭᠠᠨ ᠮᠠᠠᠳᠤᠤ᠂ ᠳᠤᠯᠤᠭᠠᠨ ᠰᠢᠯ (ᠯᠤᠩᠬᠤ) ᠠᠷᠢᠭᠢ ᠥᠭ᠍ᠪᠠᠯ ᠪᠣᠯᠴᠢᠬᠠᠨ᠎ᠠ ᠭᠡᠵᠤ ᠭᠡᠨ᠎ᠡ᠃ ᠬᠠᠭᠠᠨ ᠥᠭ᠍ᠴᠡᠢ᠃ ᠮᠡᠷᠭᠡᠨ ᠳᠠᠮᠠᠨᠠ ᠠᠳᠤᠭᠤᠨ ᠳᠤᠮᠳᠠᠭᠢ ᠭᠠᠭᠴᠠ ᠠᠷᠠᠠᠵᠤᠯ ᠢ ᠨᠢ ᠣᠨᠤᠭᠠᠤᠨ ᠳᠤᠯᠤᠭᠠᠨ ᠳᠦᠰᠢᠮᠡᠯ ᠢ ᠨᠢ ᠳᠠᠭᠠᠭᠤᠯᠤᠨ ᠮᠤᠷᠳᠠᠵᠤ ᠭᠡᠨ᠎ᠡ᠃ ᠳᠡᠭᠡᠭᠡᠤᠨ ᠨᠢᠭᠡ ᠠᠭᠤᠯᠠ ᠵᠢᠨ ᠲ᠋ᠤᠯᠤᠭᠠᠢ ᠳᠡᠭᠡᠷ᠎ᠡ ᠭᠠᠷᠤᠭᠠᠳ ᠶᠡᠭᠡᠯᠡ ᠨᠤᠮ ᠭᠦᠷᠢᠮ ᠭᠢᠵᠤ ᠪᠠᠢ᠌ᠬᠤ ᠮᠠᠶ‍ᠢᠭᠯᠠᠨ ᠰᠠᠭᠤᠭᠰᠠᠭᠠᠷ ᠪᠠᠢ᠌ᠭᠠᠤᠨ ᠠᠰᠬᠠᠨ ᠣᠷᠤᠢ ᠪᠣᠯᠭᠠᠵᠠᠢ᠃ ᠳᠤᠯᠤᠭᠠᠨ ᠲᠦᠰᠢᠮᠠᠯ ᠬᠠᠵᠠᠭᠤ ᠡᠴᠡ ᠨᠢ ᠬᠠᠯᠢᠶᠠᠨ ᠰᠠᠭᠤᠭᠰᠠᠭᠠᠷ ᠪᠠᠢ᠌ᠭᠠᠤᠨ ᠬᠠᠷᠠᠩᠭ᠋ᠠᠯᠠᠵᠤ (ᠦᠯᠦᠰᠴᠤ) ᠣᠮᠳᠠᠭᠠᠰᠤᠭᠠᠤᠨ ᠬᠠᠷᠠᠩᠭ᠋ᠤᠰᠴᠤ ᠣᠨᠠᠬᠤ ᠳᠤ ᠭᠦᠷᠭᠦ ᠳ᠋ᠤᠨᠢ ᠰᠠᠶ‍ᠢᠭᠢ ᠳᠤᠯᠤᠭᠠᠨ ᠮᠠᠠᠳᠤᠤ ᠳᠠᠭᠠᠨ ᠠᠷᠢᠭᠢ ᠪᠠᠨ ᠰᠢᠩᠭᠡᠭᠡᠤᠨ᠄

— ᠪᠣᠷᠬᠠᠨ ᠤ ᠱᠡᠩ ᠭᠦᠷᠳᠡᠮᠤ︕ ᠭᠡᠵᠤ ᠳᠤᠯᠤᠭᠠᠨ ᠲᠦᠰᠢᠮᠠᠯ ᠳᠤ ᠨᠢᠭᠡ ᠨᠢᠭᠡ ᠥᠭ᠍ᠴᠤ ᠭᠡᠨ᠎ᠡ᠃ ᠳᠤᠯᠤᠭᠠᠨ ᠲᠦᠰᠢᠮᠠᠯ ᠳᠡᠭᠦᠨ ᠢ ᠨᠢ ᠢᠳᠡᠭᠡᠤᠨ ᠳᠤᠤᠷ᠎ᠠ ᠪᠠᠨ ᠰᠤᠭᠳᠤᠨ ᠤᠨᠡᠵᠤ ᠭᠡᠨ᠎ᠡ᠃ ᠳᠡᠭᠡᠭᠦ ᠳᠤ ᠮᠡᠷᠭᠡᠨ ᠳᠠᠮᠠᠨᠠ ᠳᠤᠯᠤᠭᠠᠨ ᠮᠤᠷᠢᠨ ᠤ ᠭᠢᠨᠢ ᠰᠠᠭᠯᠠᠭ᠎ᠠ (ᠪᠠᠯᠪᠠᠷᠡᠭᠡᠢ ᠶᠢᠨ ᠠᠷᠤ) ᠪᠠᠷ ᠨᠢ ᠴᠠᠪᠴᠢᠵᠤ ᠬᠠᠶᠠᠭᠠᠤᠨ ᠭᠠᠭᠴᠠ ᠠᠷᠠᠠᠵᠤᠯ ᠢ ᠨᠢ ᠣᠨᠤᠭᠠᠤᠨ ᠳᠤᠳᠠᠭᠠᠴᠢᠬᠠᠵᠠᠢ᠃ ᠳᠤᠯᠤᠭᠠᠨ ᠲᠦᠰᠢᠮᠠᠯ ᠮᠠᠷᠭᠠᠰᠢ ᠨᠢ ᠰᠠᠶ‍ᠢ ᠰᠡᠷᠭᠦᠵᠤ ᠰᠡᠷᠢᠭᠡᠤᠨ ᠮᠡᠷᠭᠡᠨ ᠳᠠᠮᠠᠨᠠ ᠳᠤᠳᠠᠭᠠᠭᠰᠠᠨ ᠢ ᠮᠠᠳᠠᠵᠤ ᠭᠦᠭᠡᠭᠡᠭᠦ ᠭᠡᠭᠦ ᠳᠤ ᠮᠤᠷᠢᠳ ᠨᠢ ᠰᠠᠭᠯᠠᠭ᠎ᠠ ᠥᠭᠡᠢ ᠳᠤᠯᠠ ᠶᠠᠪᠠᠭᠠᠨ ᠵᠢᠠᠷ ᠣᠷᠳᠤᠨ ᠳᠠᠭᠠᠨ ᠪᠣᠴᠠᠵᠤ ᠢᠷᠡᠭ᠍ᠰᠡᠨ ᠭᠡᠨ᠎ᠡ᠃ ᠬᠠᠭᠠᠨ ᠠᠭᠤᠷᠯᠠᠬᠤ ᠳᠠᠭᠠᠨ ᠪᠦᠭᠦᠳᠡ ᠶᠢ ᠶᠠᠯᠠᠳᠠᠨ ᠴᠠᠪᠴᠢᠵᠠᠢ᠃

ᠬᠤᠢ᠌ᠳᠤ ᠮᠡᠷᠭᠡᠨ ᠲ᠋ᠡᠮᠡᠨᠡ ᠨᠠᠭᠠᠳᠤᠭᠤᠯᠠ ᠪᠠᠨ ᠭᠦᠭᠡᠭᠡᠭ᠍ᠰᠡᠭᠡᠷ ᠳᠤᠮᠳᠠ ᠪᠠᠨ ᠨᠠᠷᠢᠨ ᠣᠷᠤᠰᠬᠠᠯ ᠲᠡᠶ᠂ ᠳᠡᠭᠡᠷ᠎ᠡ ᠪᠠᠨ ᠨᠢᠭᠳᠠ ᠤᠷᠭᠤᠮᠠᠯ ᠲ᠋ᠡᠢ ᠨᠢᠭᠡᠨ ᠠᠭᠤᠯᠠᠨ ᠳᠤ ᠭᠦᠷᠦᠭᠡᠤᠨ ᠭᠦᠢᠴᠡᠵᠡᠢ᠃ ᠥᠨᠦᠴᠢᠨ ᠭᠦᠡᠵᠤ ᠤᠨᠤᠭ᠎ᠠ ᠡᠴᠡ ᠪᠠᠨ ᠪᠠᠭᠤᠴᠢᠬᠠᠭᠠᠤᠨ᠄

— ᠭᠡᠷ ᠨᠤᠳᠤᠭ ᠠᠪᠣ ᠡᠵᠢ ᠪᠠᠨ ᠰᠠᠨᠠᠵᠤ ᠪᠠᠢ᠌ᠨ᠎ᠠ᠂ ᠣᠳᠤ ᠪᠢ ᠶᠠᠪᠣᠬᠤ ᠦᠭᠡᠶ᠂ ᠪᠣᠴᠠᠨ᠎ᠠ ᠭᠡᠤᠨ ᠣᠭᠢᠯᠠᠨ ᠰᠠᠭᠤᠵᠤ ᠪᠠᠢ᠌ᠵᠤ ᠭᠡᠨ᠎ᠡ᠃ ᠮᠡᠷᠭᠡᠨ ᠳᠠᠮᠠᠨᠠ᠄

— ᠳᠡᠭᠡᠪᠠᠯ ᠴᠢ ᠰᠠᠶ‍ᠢᠭᠢ ᠠᠪᠣ ᠡᠵᠢ ᠴᠢᠨᠢ ᠪᠠᠷᠢᠵᠤ ᠦᠭ‍ᠭᠦᠭ᠍ᠰᠡᠨ ᠨᠠᠷᠠ ᠰᠠᠷᠠ ᠪᠠᠨ ᠭᠠᠷᠭᠠᠵᠤ ᠦᠵᠡ ᠳ᠋ᠠ᠂ ᠳᠡᠭᠦᠨ ᠤ ᠳᠤᠳᠦᠷ᠎ᠡ ᠭᠡᠷ ᠨᠤᠲᠤᠭ᠂ ᠡᠡᠪᠦ ᠡᠵᠢ ᠴᠢᠨᠢ᠌ ᠢᠯᠠᠷᠠᠨ ᠳᠤᠳᠤᠷᠠᠨ᠎ᠠ ᠭᠡᠵᠤ ᠭᠡᠯᠡᠵᠡᠢ᠃ ᠥᠨᠦᠴᠢᠨ ᠭᠦᠡᠵᠤ ᠥᠨᠡᠭᠡᠷ ᠴᠤ ᠳᠠᠢ᠌ᠮᠤ ᠭᠡᠵᠤ ᠪᠣᠳᠤᠭᠠᠤᠨ᠂ ᠠᠴᠢᠶ᠎ᠠ ᠭᠦᠰᠭᠡ ᠪᠠᠨ ᠪᠠᠭᠤᠯᠭᠠᠵᠤ ᠰᠠᠶ‍ᠢᠭᠢ 《ᠨᠠᠷᠠ ᠰᠠᠷᠠ》 ᠪᠠᠨ ᠭᠠᠷᠭᠠᠬᠤ ᠳᠤ ᠠᠯᠳᠠ᠂ ᠮᠥᠩᠭᠦ ᠨᠢ ᠨᠢᠯᠴᠠᠭᠠᠢ ᠨᠡᠭᠡᠢ ᠳᠤ ᠨᠠᠭᠠᠯᠳᠤᠵᠤ ᠬᠠᠭᠠᠷᠠᠭᠠᠤᠨ᠂ ᠨᠤᠳᠤᠭ ᠣᠰᠤ ᠠᠪᠣ ᠡᠵᠢ ᠨᠢ ᠢᠯᠡᠷᠡᠭ᠍ᠰᠡᠨ ᠦᠭᠡᠶ ᠬᠠᠷᠢᠨ ᠪᠦᠳᠤᠨ ᠳᠠᠯ᠎ᠠ ᠬᠤᠶᠠᠷ ᠭᠦᠭᠡ ᠴᠢᠯᠠᠭᠤᠨ ᠳᠡᠭᠡᠷᠮ᠎ᠡ ᠨᠢ ᠢᠯᠠᠷᠠᠵᠤ ᠭᠡᠨ᠎ᠡ᠃ ᠳᠡᠭᠡᠭᠦ ᠳᠤ ᠬᠣᠢ᠌ᠳᠤ ᠮᠡᠷᠭᠡᠨ ᠳᠠᠮᠠᠨᠠ᠄

— ᠢᠱᠢ᠂ ᠭᠡᠦᠭᠡ ᠡ᠂ ᠠᠪᠣ ᠡᠵᠢ ᠴᠢᠨᠢ ᠴᠤ ᠴᠢᠮᠢ᠋ᠢ ᠳᠠᠯᠳᠠᠷᠠᠭᠤᠯᠤᠭᠠᠤᠨ ᠵᠠᠢ᠌ᠯᠠᠭᠤᠯᠵᠤ ᠶᠠᠳᠠᠵᠤ ᠪᠠᠢ᠌ᠵᠤ ᠰᠢᠤ᠂ ᠴᠢᠮᠢ᠋ᠢ ᠬᠤᠶᠠᠷ ᠭᠦᠭᠡ ᠴᠢᠯᠠᠭᠤ ᠪᠠᠷ ᠮᠡᠭᠡᠯᠡᠭᠡᠤᠨ ᠶᠠᠪᠣᠭᠤᠯᠤᠭᠰᠠᠨ ᠪᠠᠢ᠌ᠬᠤ ᠶᠢ᠃ ᠡᠢ᠌ᠮᠤ ᠴᠢᠯᠠᠭᠤ ᠰᠢᠭ ᠵᠢᠷᠦᠭᠡ ᠲᠡᠶ ᠠᠪᠣ ᠡᠭᠡ ᠶᠢ ᠰᠠᠨᠠᠭᠠᠤᠨ ᠶᠡᠮᠡᠷ ᠭᠡᠷᠡᠭ᠌ ᠪᠠᠢ᠌ᠬᠤ ᠪᠤᠢ︖ ᠭᠡᠭᠦ ᠳᠤ ᠦᠨᠦᠴᠢᠨ ᠭᠦᠡᠵᠤ ᠠᠪᠠᠬᠠᠢ ᠴᠤ᠄ 《ᠥᠨᠡᠭᠡᠷ ᠴᠤ ᠳᠠᠢ᠌ᠮᠤ ᠯᠠ ᠪᠠᠢ᠌ᠨ᠎ᠠ》 ᠭᠡᠵᠤ ᠪᠤᠳᠤᠭᠠᠳ ᠰᠡᠶ‍ᠢᠭᠢ ᠨᠠᠷᠠ ᠰᠠᠷᠠ ᠭᠡᠵᠤ ᠦᠭ‍ᠭᠦᠭ᠍ᠰᠡᠨ ᠬᠤᠶᠠᠷ ᠴᠢᠯᠠᠭᠤ ᠪᠠᠨ ᠳᠠᠷᠠ ᠭᠦᠳᠦᠯ ᠳᠡᠭᠡᠷ᠎ᠡ ᠬᠠᠶᠠᠵᠤ ᠣᠷᠭᠢᠭᠠᠤᠨ ᠵᠤᠷᠢᠭ ᠰᠢᠭᠤᠳᠤᠨ ᠴᠠᠭᠠᠰᠢ ᠪᠠᠨ ᠶᠠᠪᠣᠵᠤ ᠭᠡᠨ᠎ᠡ᠃ ᠢᠩᠭᠢᠭᠡᠤᠨ ᠳᠠᠷᠠ ᠭᠦᠳᠦᠯ ᠨᠢ 《ᠨᠠᠷᠠ ᠰᠠᠷᠠ ᠶᠢᠨ ᠭᠦᠳᠦᠯ》 ᠨᠠᠷ᠎ᠠ ᠲᠡᠶ ᠪᠣᠯᠵᠤ᠂ ᠣᠳᠤ ᠪᠣᠯᠳᠠᠯ᠎ᠠ ᠮᠦᠨ ᠨᠠᠷ᠎ᠠ ᠪᠠᠷ ᠳᠠᠭᠤᠳᠠᠭᠳᠠᠭᠰᠠᠭᠠᠷ ᠢᠷᠠᠵᠠᠢ᠃

ᠳᠡᠩᠭ᠋ᠦᠳ ᠲ᠋ᠤ ᠭᠦᠷᠦᠭ᠍ᠰᠡᠨ ᠰᠦᠨᠢ ᠭᠢᠳᠠᠤᠨ ᠡᠴᠡ ᠰᠤᠷᠢᠠᠵᠢᠨ ᠭᠤᠮᠪᠣ ᠬᠠᠭᠠᠨ ᠪᠠ ᠦᠨᠦᠴᠢᠨ ᠭᠦᠡᠵᠤ ᠬᠠᠳᠤᠨ ᠳᠤ ᠬᠤᠤᠷᠳᠤ ᠮᠤᠭᠠᠢ ᠲ᠋ᠠᠯᠪᠢᠵᠤ ᠭᠡᠨ᠎ᠡ᠃ ᠬᠠᠭᠠᠨ ᠤ ᠣᠠᠳᠠᠬᠤ ᠥᠷᠦᠭᠡ ᠳ᠋ᠤ ᠬᠠᠷᠠᠭᠤᠯ ᠰᠠᠭᠤᠵᠤ ᠪᠠᠢ᠌ᠭᠰᠠᠨ ᠬᠣᠢ᠌ᠳᠤ ᠮᠡᠷᠭᠡᠨ ᠳᠠᠮᠠᠨᠠ ᠮᠤᠭᠠᠢ᠌ ᠶᠢ ᠴᠠᠪᠴᠢᠵᠤ ᠠᠯᠠᠬᠤ ᠳᠤ ᠨᠢᠭᠡ ᠳᠤᠰᠤᠯ ᠴᠢᠰᠤ ᠨᠢ ᠥᠰᠦᠷᠦᠭᠡᠳ ᠤᠨᠳᠡᠵᠤ ᠪᠠᠢ᠌ᠭᠰᠠᠨ ᠬᠠᠳᠤᠨ ᠤ ᠬᠠᠴᠠᠷ ᠳᠡᠭᠡᠷ᠎ᠡ ᠳᠤᠰᠴᠢᠬᠠᠵᠤ ᠭᠡᠨ᠎ᠡ᠃ ᠳᠡᠭᠡᠭᠡᠤᠨ ᠳᠠᠷᠠ ᠴᠢᠰᠤ ᠶᠢ ᠨᠢ ᠰᠠᠯᠠᠮ᠎ᠠ ᠪᠠᠷ ᠶᠢᠠᠨ ᠬᠤᠰᠤᠭᠠᠤᠨ ᠠᠪᠣᠶ᠎ᠠ ᠭᠡᠭᠦ ᠳᠤ ᠰᠢᠨ᠎ᠠ ᠬᠠᠳᠤᠨ ᠤ ᠬᠠᠴᠠᠷ ᠳᠡᠭᠡᠷ᠎ᠡ ᠰᠤᠷᠪᠢ ᠰᠠᠭᠤᠯᠭᠠᠴᠢᠬᠠᠬᠤ ᠡᠴᠡ ᠠᠶᠤᠭᠠᠤᠨ ᠭᠡᠯᠡ ᠪᠠᠷ ᠶᠢᠡᠨ ᠳᠤᠯᠢᠶᠠᠵᠤ ᠠᠪᠣᠭᠰᠠᠨ ᠭᠡᠨ᠎ᠡ᠃

ᠮᠠᠷᠭᠠᠰᠢ ᠨᠢ ᠬᠠᠳᠤᠨ ᠪᠣᠰᠤᠭᠠᠤᠨ ᠬᠠᠭᠠᠨ ᠳᠠᠭᠠᠨ᠄

— ᠳᠠᠷᠠ ᠴᠢᠨᠢ ᠰᠦᠨᠢ᠌ ᠢᠷᠠᠵᠤ ᠨᠡᠮᠢ᠋ᠢ ᠨᠢᠭᠡ ᠥᠨᠦᠰᠭᠦ ᠰᠢᠭ᠌ ᠪᠣᠯᠪᠠ ᠭᠡᠭᠦ ᠳᠤ ᠬᠠᠭᠠᠨ᠂ ᠮᠡᠷᠭᠡᠨ ᠳᠠᠮᠠᠨᠠ ᠳᠤ ᠭᠢᠯᠢᠩᠨᠠᠵᠤ᠂ ᠬᠤᠶᠠᠷ ᠨᠢᠳᠤ ᠶᠢ ᠨᠢ ᠮᠠᠯᠳᠠᠵᠤ ᠠᠪᠣᠭᠠᠤᠨ ᠣᠬᠤᠷᠬᠠᠢ ᠳ᠋ᠤᠨᠢ ᠮᠠᠭᠠᠵᠢᠨ (ᠬᠠᠷ᠎ᠠ ᠳᠤᠰᠤ) ᠪᠣᠴᠠᠯᠭᠠᠨ ᠭᠢᠵᠤ᠂ ᠭᠠᠷ ᠭᠦᠯ ᠳ᠋ᠤᠨᠢ ᠭᠠᠪᠠ ᠳᠦᠩᠭᠡ ᠵᠡᠭᠦᠯᠭᠡᠭᠡᠤᠨ ᠬᠠᠷ᠎ᠠ ᠭᠡᠷ ᠲᠤ ᠬᠠᠶᠠᠴᠢᠬᠠᠵᠤ ᠭᠡᠨ᠎ᠡ᠃


᠊᠊᠊᠊᠊᠊᠊᠊᠊᠊᠊᠊᠊᠊᠊ ᠳᠠᠢ᠌ᠯᠪᠣᠷᠢ᠄

① 《ᠭ》 ᠲᠦᠪᠡᠳ ᠴᠠᠭᠠᠨ ᠳᠤᠯᠤᠭᠠᠢ ᠶᠢᠨ ᠨᠢᠭᠡᠳᠦᠭᠡᠷ ᠡᠭᠡᠰᠢᠭ᠌ —ᠭᠠ᠃

ᠵᠤᠬᠢᠶᠠᠭᠴᠢ᠄ ᠴᠡᠪᠰᠢᠭ᠌
ᠳᠠᠷᠤᠮ᠄ 9216
ᠴᠠᠭ᠄ 2006 ᠤᠨ ᠤ 07 ᠰᠠᠷ᠎ᠠ ᠶᠢᠨ 20
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ