ᠨᠡᠪᠲᠡᠷᠡᠨ ᠤᠷᠤᠬᠤ

ᠡᠷᠳᠡ ᠣᠷᠢᠳᠤ ᠶᠢᠨ ᠴᠠᠭ ᠲᠤ

ᠡᠯᠦᠡᠴᠡ ᠬᠤᠯᠤᠠᠴᠠ ᠶᠢᠨ ᠦᠶ᠎ᠡ ᠳᠤ ᠭᠡᠨ᠎ᠡ

ᠡᠨᠡ ᠭᠠᠵᠠᠷ ᠡᠴᠡ ᠬᠤᠯᠠ ᠭᠡᠨ᠎ᠡ

ᠡᠭ᠍ᠴᠡ ᠬᠣᠢ᠌ᠳᠤ ᠵᠥᠭ᠌ ᠲᠤ ᠭᠡᠨ᠎ᠡ︕

ᠨᠠᠷ᠎ᠠ ᠣᠰᠤ ᠦᠭᠡᠶ ᠨᠢᠭᠡᠨ ᠡᠪᠦᠭᠡᠨ ᠠᠮᠢᠳᠤᠷᠠᠵᠤ ᠪᠠᠢ᠌ᠭᠰᠠᠨ ᠭᠡᠨ᠎ᠡ ᠃ ᠭᠦᠮᠤᠨ ᠠᠮᠢᠳᠠᠨ ᠡᠴᠡ ᠭᠡᠳᠦᠷᠡᠭ᠍ᠰᠡᠨ ᠰᠠᠴᠠᠨ ᠮᠡᠷᠭᠡᠨ ᠣᠬᠠᠭᠠᠨ ᠲᠡᠶ᠂ ᠦᠳᠡ ᠶᠢᠨ ᠵᠠᠮ ᠳᠤ ᠪᠣᠰᠬᠠᠭᠰᠠᠨ ᠳᠠᠮᠠᠨᠠ ᠶᠢᠨ (ᠲ᠋ᠠᠪᠠᠨᠠ᠃ ᠳᠠᠮᠠᠨᠠᠢ᠌ ᠶᠠᠷᠤ ᠨᠢ ᠳᠠᠪᠠᠨᠠ ᠭᠡᠵᠤ ᠪᠢᠴᠢᠯᠳᠠᠢ ᠪᠤᠯᠪᠠᠴᠤ ᠡ᠊ᠨᠳᠡ ᠨᠢᠭᠡ ᠳᠤ᠂ ᠭᠦᠮᠤᠨ ᠤ ᠨᠠᠷ᠎ᠠ ᠪᠠᠷ ᠭᠡᠷᠡᠭᠯᠡᠭ᠍ᠳᠡᠵᠤ ᠪᠠᠢ᠌ᠭ᠎ᠠ︔ ᠬᠤᠶ‍ᠠᠷ ᠲ᠋ᠤ᠂ ᠥᠩᠭᠡᠷᠡᠭ᠍ᠰᠡᠨ ᠳᠤ ᠨᠡᠢ᠌ᠳᠡᠯᠡᠭ᠍ᠳᠡᠭ᠍ᠰᠡᠨ ᠳᠤᠰ ᠳᠤᠮᠤᠭ ᠲᠤ ᠶᠠᠩᠵᠤ ᠶᠠᠩᠵᠤ ᠪᠠᠷ ᠪᠢᠴᠢᠵᠤ ᠢᠷᠡᠭ᠍ᠰᠡᠨ︔ ᠭᠤᠷᠪᠡ ᠳᠤ᠂ ᠳᠤᠰ ᠲ᠋ᠤᠮᠤᠭ ᠤᠨ ᠣᠤᠭᠠᠯ ᠡᠭᠦᠰᠦᠯ ᠤᠨ ᠨᠤᠳᠤᠭ ᠪᠣᠯᠬᠤ ᠳᠡᠭᠡᠳᠤ ᠮᠤᠩᠭ᠋ᠤᠯ ᠳᠤ ᠳᠠᠮᠠᠨᠠ ᠭᠡᠵᠤ ᠠᠪᠢᠶᠠᠯᠠᠳᠠᠭ ᠢ ᠥᠡᠳᠦᠰᠦᠯᠡᠭᠡᠤᠨ ᠡᠰᠡ ᠨᠢᠭᠡᠤᠨᠭᠡᠪᠡ᠃ ) ᠰᠦᠪᠠ ᠶᠢ ᠰᠠᠳᠠ ᠬᠠᠷᠪᠣᠳᠠᠭ ᠠᠶᠤᠮᠠᠷ ᠴᠠᠴᠠᠨ ᠬᠠᠷᠪᠣᠭᠠᠴᠢᠨ ᠪᠠᠢ᠌ᠭᠰᠠᠨ ᠪᠤᠯᠬᠤᠷ ᠬᠤᠢ᠌ᠳᠤ ᠮᠡᠷᠭᠡᠨ ᠲ᠋ᠡᠮᠡᠨᠡ ᠭᠡᠵᠤ ᠡᠡᠯᠳᠡᠷᠰᠢᠵᠡᠢ᠃ ᠳᠡᠭᠦᠨ ᠳᠤ ᠣᠯᠠᠨ ᠤ ᠳᠤᠮᠳᠠ ᠳᠡᠨᠡᠭ᠌ ᠳᠦᠷᠦᠭ᠍ᠰᠡᠨ ᠠᠷᠠᠪᠰᠠᠷ ᠭᠡᠭ᠍ᠴᠢ ᠭᠠᠭᠴᠠ ᠭᠦᠤ ᠲᠡᠶ᠂ ᠤᠷᠴᠢᠯᠡᠩ ᠲ᠋ᠡᠭᠡᠷ᠎ᠡ ᠡᠴᠡ ᠣᠯᠳᠠᠰᠢ ᠦᠭᠡᠶ《ᠬᠠᠷ᠎ᠠ ᠭᠡᠯᠡᠨ ᠰᠤᠭᠰᠤᠷ》 ᠭᠡᠭ᠍ᠴᠢ ᠬᠤᠷᠳᠤᠨ ᠱᠠᠷ ᠲᠡᠶ ᠶᠤᠮ ᠪᠠᠢ᠌ᠵᠤ ᠭᠡᠨ᠎ᠡ᠃ ᠭᠦᠤ ᠨᠢ ᠳᠠᠩᠴᠢ ᠳᠡᠨᠡᠭ᠌ ᠪᠣᠯᠬᠤᠷ ᠶᠠᠭᠠᠭᠢᠵᠤ ᠭᠦᠮᠤᠨ ᠪᠣᠯᠭᠠᠬᠤ᠂ ᠶᠠᠭᠠᠭᠢᠵᠤ ᠪᠠᠷᠢ ᠣᠯᠭᠤᠬᠤ ᠭᠡᠵᠤ ᠯᠠ ᠰᠠᠨᠠᠭ᠎ᠠ ᠵᠤᠪᠠᠨ ᠰᠠᠭᠤᠳᠠᠭ ᠪᠠᠢ᠌ᠵᠠᠢ᠃ ᠨᠢᠭᠡᠨ ᠡᠳᠦᠷ ᠭᠦᠤ ᠠᠷᠠᠪᠰᠠᠷ ᠶᠢᠡᠨ ᠳᠠᠭᠤᠳᠠᠵᠤ ᠢᠷᠡᠭᠡᠤᠨ᠄

— ᠠᠪᠣ ᠶᠢᠨ ᠪᠤᠢ ᠳᠦ ᠰᠠᠳᠤᠨ ᠶᠢᠡᠨ ᠳᠠᠨᠢᠳᠠᠭ᠂ ᠠᠭᠳᠠ ᠶᠢᠨ ᠪᠤᠢ ᠳᠦ ᠭᠠᠵᠠᠷ ᠣᠰᠤ ᠪᠠᠨ ᠥᠵᠡᠳᠡᠭ᠌᠃ ᠣᠳᠤ ᠭᠦᠤ ᠮᠢᠨᠢ

ᠭᠠᠳᠠᠨ᠎ᠠ ᠳᠤᠳᠤᠨ᠎ᠠ ᠶᠠᠪᠣᠬᠤ ᠪᠣᠯᠵᠠᠢ

ᠭᠠᠵᠠᠷ ᠣᠰᠤ ᠥᠵᠡᠭᠦ ᠪᠣᠯᠵᠠᠢ

ᠭᠠᠯ ᠭᠤᠯᠤᠮᠳᠠ ᠮᠠᠨᠠᠬᠤ ᠪᠣᠯᠵᠠᠢ

ᠭᠠᠭᠴᠠ ᠠᠪᠣ ᠪᠠᠨ ᠳᠡᠵᠢᠭᠡᠭᠦ ᠪᠣᠯᠵᠠᠢ᠂

ᠠᠪᠣ ᠨᠢ ᠴᠢᠮᠠᠳᠤ ᠵᠠᠭᠤᠨ ᠬᠤᠴᠠ ᠦᠭ‍ᠭᠦᠶ᠎ᠡ᠂ ᠴᠢ ᠵᠥᠭᠯᠡᠭ᠍ᠰᠡᠨ ᠵᠥᠭ᠌ ᠲᠡᠭᠡᠨ ᠵᠠᠭᠤᠨ ᠬᠤᠨᠤᠭ ᠶᠠᠪᠣᠵᠤ ᠬᠤᠳᠠᠯᠳᠤᠭ᠎ᠠ ᠭᠢᠭᠡᠤᠨ ᠢᠷ᠎ᠠ᠃ ᠳᠡᠭᠡᠭᠦ ᠳᠡᠭᠡᠨ ᠵᠠᠪᠠᠯ ᠵᠠᠭᠤᠨ ᠵᠣᠢ᠌ᠯ ᠤᠨ ᠪᠠᠷᠠᠭ᠎ᠠ ᠲᠡᠶ ᠬᠠᠷᠢᠵᠤ ᠢᠷᠡᠭᠦ ᠭᠡᠷᠡᠭ᠍ᠳᠡᠢ᠃ ᠣᠯᠵᠠ ᠣᠮᠤᠭ ᠲᠡᠶ ᠶᠠᠪᠣᠭᠠᠤᠨ ᠢᠷᠡᠳᠡᠭ᠌ ᠪᠣᠯ ᠱᠤᠷᠤᠯᠭ᠎ᠠ (ᠴᠢᠳᠠᠪᠣᠷᠢ ᠴᠢᠷᠮᠠᠢ᠌ᠯᠭ᠎ᠠ) ᠴᠢᠨᠢ ᠳᠡᠷᠡ᠂ ᠴᠢᠳᠡᠬᠤ ᠥᠭᠡᠢ ᠪᠠᠷ ᠳᠤᠷᠠᠵᠤ ᠥᠯᠪᠠᠷᠡᠳᠡᠭ᠌ ᠪᠣᠯ ᠳ᠋ᠦ᠋ᠭ᠍ᠵᠢᠭ᠌ (ᠬᠤᠭᠢ) ᠴᠢᠨᠢ ᠳᠠᠷᠠ︕ ᠭᠡᠵᠤ ᠭᠡᠯᠡᠭᠡᠤᠨ ᠣᠠᠳᠤᠤ ᠶᠠᠭᠤ ᠴᠤ ᠦᠭ‍ᠭᠦᠭ᠍ᠰᠡᠨ ᠦᠭᠡᠶ ᠪᠠᠷ ᠵᠠᠭᠤᠨ ᠬᠤᠴᠠ ᠳᠠᠭᠤᠯᠭᠠᠨ ᠶᠠᠪᠣᠭᠤᠯᠵᠠᠢ᠃

ᠲ᠋ᠡᠨᠡᠭ᠌ ᠭᠦᠤ ᠣᠷᠤᠭᠤ ᠴᠢᠷᠠᠢ᠌ᠯᠠᠨ ᠣᠰᠤᠨ ᠨᠢᠳᠤᠯᠠᠵᠤ᠂ ᠵᠠᠭᠤᠨ ᠬᠤᠴᠠ ᠶᠢᠨ ᠶᠢᠡᠨ ᠬᠣᠢ᠌ᠨ᠎ᠠ ᠡᠴᠡ ᠳᠠᠭᠠᠭᠠᠤᠨ ᠵᠥᠭ᠌ ᠴᠢᠭ᠌ ᠥᠭᠡᠢ᠌ ᠵᠠᠮ ᠳᠤ ᠵᠥᠪ ᠵᠥᠭᠡᠷ ᠭᠠᠷᠴᠤ ᠭᠡᠨ᠎ᠡ᠃ ᠵᠠᠭᠤᠨ ᠬᠤᠨᠤᠭ ᠤᠨ ᠵᠥᠭ᠌ ᠴᠢᠭ᠌ ᠦᠭᠡᠶ ᠠᠶᠠᠨ ᠰᠢᠤ᠂ ᠵᠠᠭᠤᠷ᠎ᠠ ᠬᠤᠨᠤᠭ ᠤᠨ ᠠᠢ᠌ᠯᠴᠢᠨ ᠤ ᠵᠠᠮ ᠪᠢᠰᠢ᠂ ᠵᠢᠷᠭᠤᠭᠠᠨ ᠠᠯᠬᠤᠮ ᠳ᠋ᠠᠭᠢ ᠭᠡᠦᠭᠡᠰ ᠤᠨ (ᠭᠡᠦᠭᠡᠤᠨ) ᠳᠤᠭᠯᠠᠭᠠᠮ ᠴᠤ ᠪᠢᠰᠢ︕ ᠶᠠᠪᠠᠭᠠᠨ ᠬᠤᠭᠤᠰᠤᠨ ᠵᠢᠠᠷ ᠪᠢ ᠶᠠᠭᠠᠭᠢᠵᠤ ᠶᠠᠪᠣᠵᠤ ᠢᠷᠡᠳᠡᠭ᠌ ᠪᠢᠯᠡ︖ ᠭᠡᠵᠤ ᠪᠣᠳᠤᠨ ᠪᠣᠳᠤᠨ ᠭᠤᠮᠤᠳᠠᠵᠤ ᠣᠭᠢᠯᠠᠭᠠᠤᠨ ᠶᠠᠪᠣᠵᠤ ᠭᠡᠨ᠎ᠡ᠃ ᠳᠡᠭᠡᠵᠤ ᠪᠠᠢ᠌ᠳᠠᠯ᠎ᠠ ᠵᠠᠮ ᠳᠤᠨᠢ ᠨᠠᠷᠠ ᠰᠠᠷᠠ ᠰᠢᠩᠭᠢ (ᠰᠢᠭ) ᠰᠠᠢ᠌ᠬᠠᠨ ᠵᠢᠰᠤ ᠲ᠋ᠠᠢ᠂ ᠨᠠᠪᠴᠢ ᠴᠡᠴᠡᠭ᠌ ᠰᠢᠩᠭᠢ ᠭᠡᠭᠡᠮᠰᠦᠭ᠌ ᠬᠤᠪᠴᠠᠰᠤ ᠲ᠋ᠠᠢ᠂ ᠳᠤᠭᠠᠯᠠᠪᠠᠯ ᠨᠠᠰᠤ ᠰᠠᠴᠠᠭᠤ᠂ ᠳᠦᠭᠡᠯᠡᠪᠠᠯ ᠨᠢᠷᠤᠭᠤ ᠰᠠᠴᠠᠭᠤ ᠭᠦᠭᠡᠷᠦᠭᠦᠨ ᠪᠣᠷᠤ ᠭᠡᠦᠭᠡᠨ ᠬᠠᠷᠭᠤᠵᠤ ᠭᠡᠨ᠎ᠡ᠃ ᠲ᠋ᠡᠭᠦᠨ ᠤ ᠣᠭᠢᠯᠠᠨ ᠶᠠᠪᠣᠬᠤ ᠶᠢ ᠨᠢ ᠭᠡᠦᠭᠡᠨ ᠥᠵᠡᠭᠡᠤᠨ ᠶᠡᠭᠡ ᠰᠤᠨᠢᠷᠬᠠᠵᠤ᠄

— ᠴᠢ ᠶᠠᠭᠤᠨ ᠳᠤ ᠤᠬᠢᠯᠡᠪᠡ︖ ᠭᠡᠵᠤ ᠰᠤᠷᠠᠵᠤ ᠭᠡᠨ᠎ᠡ᠃ ᠠᠷᠠᠪᠰᠠᠷ ᠣᠴᠢᠷ ᠶᠠᠪᠣᠳᠠᠯ ᠶᠢᠡᠨ ᠭᠡᠯᠡᠵᠤ ᠦᠭ‍ᠭᠦ ᠳᠤ ᠭᠡᠦᠭᠡᠨ ᠡᠯᠡᠭᠯᠡᠨ ᠢᠨᠢᠶᠠᠵᠤ᠄

— ᠡᠷ᠎ᠡ ᠭᠦᠮᠤᠨ ᠪᠢᠵᠠ ᠴᠢ᠂ ᠡᠷᠢᠶᠡᠨ ᠨᠢᠳᠤᠨ ᠤ ᠨᠢᠯᠪᠣᠰᠤ ᠴᠢᠨᠢ ᠶᠠᠮᠠᠷ ᠭᠡᠷᠡᠭ᠌ ᠥᠭᠡᠢ ᠶᠠᠭᠤᠮᠠᠨ ᠳᠤ ᠭᠤᠭᠤᠵᠢᠳᠠᠭ ᠪᠤᠢ︖ ᠭᠡᠵᠤ ᠭᠡᠯᠡᠵᠤ ᠭᠡᠨ᠎ᠡ᠃ ᠠᠷᠠᠪᠰᠠᠷ ᠣᠯᠠᠮ ᠣᠭᠢᠯᠠᠵᠤ᠄

— ᠶᠠᠪᠠᠭᠠᠨ ᠭᠦᠮᠤᠨ ᠤ ᠵᠤᠪᠠᠯᠠᠩ ᠢ ᠮᠤᠷᠢᠳᠠᠢ ᠭᠦᠮᠤᠨ ᠮᠡᠳᠡᠭᠦ ᠦᠭᠡᠶ ᠨᠢ ᠵᠦᠪ᠂ ᠣᠭᠤᠳᠤᠨ᠎ᠠ ᠶᠢᠨ ᠥᠭᠦᠯ ᠮᠢᠯ ᠤᠨ (ᠮᠤᠤᠷ) ᠨᠠᠭᠠᠳᠤᠮ ᠪᠣᠯᠳᠠᠭ ᠨᠢ ᠴᠤ ᠦᠨᠡᠨ᠃ ᠪᠢ ᠵᠠᠭᠤᠨ ᠵᠣᠢ᠌ᠯ ᠤᠨ ᠬᠤᠳᠠᠯᠳᠤᠭ᠎ᠠ ᠭᠢᠭᠡᠤᠨ ᠪᠣᠴᠠᠬᠤ ᠶᠢ ᠪᠠᠢ᠌ᠳᠤᠭᠠᠢ ᠵᠢᠷᠭᠤᠭᠠᠨ ᠡᠳᠦᠷ ᠤᠨ ᠨᠠᠷᠠ ᠶᠢ ᠴᠤ ᠦᠵᠡᠵᠤ ᠴᠢᠳᠠᠯ ᠦᠭᠡᠶ ᠪᠠᠷ ᠵᠠᠭᠤᠷ᠎ᠠ ᠵᠠᠮ ᠳᠠᠭᠠᠨ ᠥᠭᠦᠵᠤ ᠵᠢᠯᠢᠢᠭᠦ ᠭᠡᠵᠤ ᠪᠠᠢ᠌ᠬᠤ ᠳᠤ ᠴᠢ ᠢᠨᠢᠶᠡᠳᠡᠭ᠌ ᠨᠢ ᠶᠠᠭᠤ ᠪᠣᠢ︖ ᠭᠡᠵᠤ ᠭᠡᠨ᠎ᠡ᠃ ᠭᠡᠦᠭᠡᠨ ᠣᠯᠠᠮ ᠴᠤ ᠢᠨᠢᠶᠠᠵᠤ᠄

— ᠴᠢ ᠶᠡᠮᠡᠷ ᠭᠡᠷᠡᠭ᠌ ᠥᠭᠡᠢ ᠶᠠᠭᠤᠮᠠᠨ ᠳᠤ ᠣᠭᠢᠯᠠᠳᠠᠭ ᠭᠦᠮᠤᠨ ᠪᠣᠢ︖ ᠴᠠᠭᠠᠰᠢ ᠪᠠᠨ ᠣᠬᠤᠴᠢᠯᠠᠵᠤ ᠪᠣᠳᠤᠳᠠᠭ ᠦᠭᠡᠶ᠂ ᠣᠬᠠᠭ᠎ᠠ ᠴᠢᠨᠢ ᠣᠭᠤᠴᠠᠨ ᠳᠠᠭᠠᠨ ᠣᠷᠤᠪᠠ ᠦᠦ︖ ᠰᠦᠨᠠᠰᠤ ᠴᠢᠨᠢ ᠰᠡᠭᠦᠵᠢᠨ ᠳᠡᠭᠡᠨ ᠰᠢᠩᠭᠡᠪᠡ ᠦᠦ︖ ᠵᠠᠭᠤᠨ ᠬᠤᠴᠠ ᠪᠠᠢ᠌ᠬᠤ ᠶᠤᠮ ᠴᠢᠨᠢ ᠴᠢᠮᠠᠳᠤ ᠶᠠᠭᠤ ᠪᠣᠯᠭᠠᠨ ᠪᠦᠷ ᠪᠠᠢ᠌ᠨ᠎ᠠ ᠭᠡᠰᠡᠨ ᠥᠭᠡ᠄ ᠡᠳᠦᠷ ᠪᠦᠷᠢ ᠨᠢᠭᠡ ᠬᠤᠴᠠ ᠪᠠᠨ ᠭᠢᠷᠠᠯᠠᠭᠠᠤᠨ (ᠭᠦᠩᠭᠡᠯᠡᠭᠡᠤᠨ) ᠪᠦᠭᠡᠰᠡᠭ᠌ ᠢ (ᠪᠦᠭᠡᠷ᠎ᠡ) ᠨᠢ ᠢᠳᠠᠵᠤ ᠶᠠᠪᠣᠪᠠᠯ ᠵᠠᠭᠤᠨ ᠬᠤᠨᠤᠭ ᠤᠨ ᠭᠦᠨᠡᠰᠤ ᠴᠢᠨᠢ ᠪᠢᠰᠢ ᠦᠦ︕ ᠠᠶᠠᠭ᠎ᠠ ᠰᠠᠪᠠ ᠴᠤ ᠭᠡᠷᠡᠭ᠌ ᠦᠭᠡᠶ᠂ ᠶᠠᠮᠠᠷ ᠠᠮᠠᠷᠬᠠᠨ ᠪᠠᠢ᠌ᠨ᠎ᠠ ᠡᠳᠦᠷ ᠪᠦᠷᠢ ᠨᠢᠭᠡ ᠬᠤᠴᠠ ᠶᠢᠨ ᠶᠢᠡᠨ ᠬᠤᠶᠠᠷ ᠭᠤᠶ᠎ᠠ ᠶᠢ ᠭᠢᠷᠠᠭᠠᠭᠠᠤᠨ ᠨᠤᠤᠰᠤ ᠪᠠᠷ ᠨᠢ ᠳᠠᠯᠢᠩ (ᠠᠴᠢᠮᠠᠭ ᠣᠭᠤᠳᠠ) ᠨᠡᠭᠡᠭᠡᠤᠨ ᠳᠤᠬᠤᠴᠢᠬᠠᠪᠠᠯ ᠵᠠᠭᠤᠨ ᠶᠠᠩᠵᠤ ᠶᠢᠨ ᠪᠠᠷᠠᠭᠠᠨ ᠤ ᠣᠭᠤᠳᠠ ᠴᠢᠨᠢ ᠪᠢᠰᠢ ᠦᠦ︕ ᠲ᠋ᠡᠭᠡᠰᠤ ᠴᠤ ᠭᠡᠷᠡᠭ᠌ ᠦᠭᠡᠶ ᠶᠠᠮᠠᠷ ᠡᠪᠳᠡᠢ᠌ᠭᠡᠨ ᠪᠠᠢ᠌ᠨ᠎ᠠ ᠪᠠᠰᠠ ᠨᠢᠭᠡ ᠬᠤᠴᠠ ᠪᠠᠨ ᠪᠦᠳᠤᠨ ᠭᠢᠷᠠᠭᠠᠭᠠᠤᠨ ᠨᠤᠤᠰᠤ ᠶᠢ ᠨᠢ ᠰᠦᠨᠢ ᠳᠡᠭᠡᠨ ᠭᠦᠳᠦᠷᠴᠤ (ᠨᠦᠮᠦᠷᠴᠦ) ᠂ ᠡᠳᠦᠷ ᠲᠡᠭᠡᠨ ᠮᠦᠨ ᠬᠤᠴᠠ ᠳᠡᠭᠡᠷ᠎ᠡ ᠪᠠᠨ ᠠᠴᠢᠭᠠᠤᠨ ᠶᠠᠪᠣᠪᠠᠯ ᠴᠠᠭᠠᠰᠢ ᠨᠠᠭᠠᠰᠢ ᠶᠠᠪᠣᠵᠤ ᠢᠷᠡᠭᠦ ᠵᠠᠭᠤᠨ ᠬᠤᠨᠤᠭ ᠤᠨ ᠬᠤᠴᠢᠯᠭ᠎ᠠ ᠴᠢᠨᠢ ᠪᠢᠰᠢ ᠦᠦ︕ ᠲ᠋ᠡᠯᠡᠭᠡᠢ ᠶᠡᠭᠡ (ᠲ᠋ᠠᠯᠠᠢ ᠶᠡᠭᠡ) ᠬᠤᠳᠠᠯᠳᠤᠭ᠎ᠠ ᠠᠷᠠᠯᠵᠢᠶ᠎ᠠ ᠲᠡᠶ ᠭᠠᠵᠠᠷ ᠭᠦᠷᠦᠭᠡᠤᠨ ᠶᠠᠷᠠ ᠶ‍ᠢᠰᠤᠨ ᠬᠤᠴᠠ ᠪᠠᠨ ᠪᠦᠭᠦᠳᠡ ᠶᠢ ᠭᠢᠷᠠᠭᠠᠵᠤ ᠨᠤᠤᠰᠤ ᠦᠰᠦ ᠶᠢ ᠨᠢ ᠬᠤᠳᠠᠯᠳᠤᠪᠠᠯ ᠵᠠᠭᠤᠨ ᠵᠣᠢ᠌ᠯ ᠤᠨ ᠪᠠᠷᠠᠭᠠᠨ ᠤ ᠵᠤᠭᠤᠰ ᠪᠢᠰᠢ ᠦᠦ︕ ᠲ᠋ᠡᠭᠡᠭᠡᠤᠨ ᠨᠠᠭᠠᠰᠢ ᠪᠣᠴᠠᠬᠤ ᠵᠠᠮ ᠳᠠᠭᠠᠨ ᠬᠤᠨᠤᠬᠤ ᠭᠠᠵᠠᠷ ᠶᠢᠡᠨ ᠰᠠᠢ᠌ᠨ ᠠᠵᠢᠵᠤ ᠶᠡᠪᠦ᠃ ᠭᠡᠤᠨ (ᠨᠠᠯᠠᠤ) ᠭᠠᠵᠠᠷ ᠭᠦᠷᠦᠭᠡᠤᠨ ᠭᠡᠪᠳᠡᠭᠦᠯᠵᠤ ᠬᠤᠨᠤᠬᠤ ᠭᠡᠷᠡᠭ᠍ᠳᠡᠢ᠃ ᠭᠡᠤᠨ ᠭᠠᠵᠠᠷ ᠭᠡᠪᠳᠡᠭᠦᠯᠪᠠᠯ ᠨᠢᠭᠡ ᠳᠠᠯ᠎ᠠ ᠶᠢᠨ ᠠᠴᠢᠶ᠎ᠠ ᠨᠢ ᠭᠠᠵᠠᠷ ᠲᠤ ᠳᠤᠯᠴᠢᠬᠠᠬᠤ ᠳᠤᠯᠠ ᠬᠤᠴᠠ ᠶᠢᠨ ᠳᠠᠷᠠ ᠪᠠᠶ᠎ᠠ ᠨᠢ ᠠᠮᠠᠷᠠᠭᠠᠤᠨ ᠠᠮᠵᠢᠨ᠎ᠠ᠂ ᠨᠥᠭᠦᠭᠡ ᠪᠠᠶ᠎ᠠ ᠪᠠᠨ ᠬᠤᠴᠠ ᠦᠪᠡᠷ ᠶᠢᠡᠨ ᠣᠯᠠᠷᠢᠵᠤ ᠭᠡᠪᠳᠡᠭᠡᠤᠨ ᠠᠮᠠᠷᠠᠭᠤᠯᠴᠢᠬᠠᠳᠠᠭ ᠶᠤᠮ᠃ ᠵᠠ ᠦᠵᠡ᠂ ᠠᠴᠢᠬᠤ ᠴᠤ ᠭᠡᠷᠡᠭ᠌ ᠦᠭᠡᠶ᠂ ᠪᠠᠭᠤᠯᠭᠠᠬᠤ ᠴᠤ ᠭᠡᠷᠡᠭ᠌ ᠦᠭᠡᠶ᠂ ᠶᠠᠭᠠᠭᠢᠭᠰᠠᠨ ᠰᠠᠢ᠌ᠬᠠᠨ ᠠᠷᠭ᠎ᠠ ᠪᠠᠢ᠌ᠨ᠎ᠠ︕ ᠴᠢ ᠭᠡᠰᠡᠨ ᠭᠦᠮᠤᠨ ᠶᠠᠭᠠᠭᠢᠭᠰᠠᠨ ᠴᠤ ᠳᠡᠨᠡᠭ᠌ ᠶᠤᠮ ᠪᠣᠢ︖ ᠭᠡᠵᠤ ᠵᠦᠪ ᠰᠠᠢ᠌ᠬᠠᠨ ᠠᠷᠭ᠎ᠠ ᠨᠤᠭᠤᠳ ᠶᠢᠡᠨ ᠭᠡᠯᠡᠵᠤ ᠦᠭ‍ᠭᠦᠭᠡᠤᠨ ᠪᠠᠰᠠ᠄

— ᠡᠨᠡ ᠠᠷᠭ᠎ᠠ ᠶᠢ ᠨᠠᠮᠢ᠋ᠢ ᠭᠡᠯᠡᠯ᠎ᠡ ᠭᠡᠵᠤ ᠭᠡᠨ ᠳᠤ ᠴᠤ ᠪᠢᠳᠡᠭᠡᠢ ᠭᠡᠯᠡ ᠭᠡᠵᠤ ᠵᠠᠭᠢᠭᠠᠤᠨ ᠶᠠᠪᠣᠵᠠᠢ᠃ ᠵᠠ ᠳᠡᠭᠡᠭᠡᠤᠨ ᠠᠷᠠᠪᠰᠠᠷ ᠭᠦᠤ᠂ ᠭᠡᠦᠭᠡᠨ ᠤ ᠭᠡᠯᠡᠭ᠍ᠰᠡᠨ ᠶᠤᠰᠤᠭᠠᠷ ᠶᠠᠪᠣᠭᠠᠤᠨ ᠣᠯᠵᠠ ᠣᠮᠤᠭ ᠲᠡᠶ ᠬᠠᠷᠢᠭᠠᠤᠨ ᠢᠷᠠᠵᠠᠢ᠃ ᠬᠣᠢ᠌ᠳᠤ ᠮᠡᠷᠭᠡᠨ ᠳᠠᠮᠠᠨᠠ ᠡᠭᠦᠨ ᠢ ᠥᠵᠡᠮᠡᠭ᠍ᠴᠡ᠄ 《ᠭᠦᠤ ᠶᠢᠨ ᠣᠬᠠᠭᠠᠨ ᠪᠢᠰᠢ᠂ ᠭᠦᠮᠤᠨ ᠤ ᠣᠬᠠᠭᠠᠨ ᠪᠠᠢ᠌ᠨ᠎ᠠ》 ᠭᠡᠵᠤ ᠪᠣᠳᠤᠭᠠᠤᠨ᠂ ᠭᠦᠤ ᠳᠡᠭᠡᠨ ᠨᠢᠭᠡ ᠰᠠᠢ᠌ᠨ ᠮᠤᠷᠢ ᠠᠪᠴᠢᠷᠠᠵᠤ᠄

— ᠵᠠ ᠴᠢ ᠡᠨᠡ ᠮᠤᠷᠢ᠌ ᠶᠢ ᠣᠨᠤᠭᠠᠤᠨ ᠪᠣᠷᠤ ᠮᠦᠷ ᠶᠢᠠᠷ ᠶᠢᠠᠨ ᠪᠤᠴᠡ᠂ ᠳᠡᠭᠡᠭᠡᠤᠨ ᠬᠠᠷᠢᠵᠤ ᠢᠷᠡᠭᠦ ᠳᠡᠭᠡᠨ ᠡᠭᠦᠨ ᠢ ᠬᠤᠶᠠᠷ ᠮᠤᠷᠢ ᠪᠤᠯᠭᠠᠴᠢᠬᠠᠭᠠᠳ ᠨᠢᠭᠡ ᠶᠢ ᠨᠢ ᠣᠷᠤᠭᠤ ᠬᠠᠷᠠᠭᠤᠯᠵᠤ᠂ ᠨᠢᠭᠡ ᠶᠢ ᠨᠢ ᠬᠣᠢ᠌ᠰᠢ ᠬᠠᠷᠠᠭᠤᠯᠵᠤ ᠣᠨᠤᠭᠠᠤᠨ ᠢᠷ᠎ᠡ︕ ᠭᠡᠵᠡᠢ᠃

ᠨᠢᠭᠡ ᠮᠤᠷᠢ ᠶᠢ ᠬᠤᠶᠠᠷ ᠪᠣᠯᠭᠠᠵᠤ ᠳᠤᠯᠤᠭᠠᠢ ᠢ ᠨᠢ ᠣᠷᠤᠭᠰᠢ ᠬᠣᠢ᠌ᠰᠢ ᠬᠠᠷᠠᠭᠤᠯᠤᠨ ᠣᠨᠤᠭᠠᠤᠨ ᠢᠷᠠᠨ᠎ᠠ ᠭᠡᠳᠡᠭ᠌ ᠨᠢ ᠲ᠋ᠡᠨᠡᠭ᠌ ᠭᠦᠤ ᠳᠤ ᠪᠠᠢ᠌ᠳᠤᠭᠠᠢ ᠮᠡᠷᠭᠡᠨ ᠭᠦᠮᠤᠨ ᠳᠤ ᠴᠤ ᠭᠡᠴᠡᠭᠦᠤ ᠪᠠᠢ᠌ᠯ᠎ᠠ ᠭᠡᠨ᠎ᠡ᠃ ᠡᠡᠷᠡᠪᠰᠡᠷ ᠪᠠᠰᠠ ᠯᠠ ᠣᠭᠢᠯᠠᠨ ᠣᠠᠵᠢᠨ ᠶᠠᠪᠣᠵᠤ ᠪᠠᠢ᠌ᠭᠠᠤᠨ ᠰᠠᠶ‍ᠢᠭᠢ (ᠥᠨᠦᠭᠢ) ᠭᠡᠦᠭᠡᠨ ᠲᠡᠶ ᠬᠠᠷᠭᠤᠵᠠᠢ᠃ ᠭᠡᠦᠭᠡᠨ ᠣᠴᠢᠷ ᠢ ᠮᠡᠳᠡᠭᠡᠤᠨ ᠪᠠᠰᠠ ᠯᠠ ᠡᠯᠡᠭᠯᠡᠨ ᠢᠨᠢᠶᠠᠵᠤ᠄

— ᠴᠢ ᠮᠤᠷᠢ ᠪᠠᠨ ᠭᠡᠭᠡᠯ ᠲᠡᠶ ᠭᠡᠭᠦᠤ ᠪᠠᠷ ᠰᠤᠯᠢᠴᠢᠬᠠᠪᠠᠯ ᠬᠤᠶᠠᠷ ᠪᠣᠯᠴᠢᠬᠠᠬᠤ ᠪᠢᠰᠢ ᠦᠦ᠂ ᠳᠡᠭᠡᠭᠡᠤᠨ ᠳᠠᠷᠠ ᠭᠡᠭᠦᠤ ᠪᠠᠨ ᠤᠨᠦᠵᠤ ᠬᠠᠷᠢᠪᠠᠯ ᠡᠭᠡ ᠵᠢᠨ ᠲ᠋ᠤᠯᠤᠭᠠᠢ ᠨᠢ ᠣᠷᠤᠭᠰᠢ ᠪᠠᠨ ᠬᠠᠷᠠᠵᠤ᠂ ᠣᠨᠠᠭ᠎ᠠ ᠶᠢᠨ ᠳᠤᠯᠤᠭᠠᠢ ᠨᠢ ᠬᠣᠢ᠌ᠰᠢ ᠬᠠᠷᠠᠵᠤ ᠪᠠᠢ᠌ᠳᠠᠭ ᠶᠤᠮ ᠭᠡᠵᠡᠢ᠃

ᠲ᠋ᠡᠨᠡᠭ᠌ ᠭᠦᠤ ᠭᠡᠭᠡᠯ ᠲ᠋ᠡᠢ ᠭᠡᠭᠦᠤ ᠣᠨᠤᠭᠠᠤᠨ ᠪᠠᠶᠠᠷ ᠭᠦᠷ ᠲ᠋ᠡᠢ ᠭᠡᠷ ᠲᠡᠭᠡᠨ ᠪᠣᠴᠠᠵᠤ ᠭᠦᠷᠭᠦ ᠳᠤ ᠮᠡᠷᠭᠡᠨ ᠳᠠᠮᠠᠨᠠ ᠪᠠᠰᠠ ᠯᠠ 《ᠭᠦᠤ ᠶᠢᠨ ᠣᠬᠠᠭᠠᠨ ᠪᠢᠰᠢ᠂ ᠭᠦᠮᠤᠨ ᠤ ᠣᠬᠠᠭᠠᠨ ᠪᠢᠵᠠ︖》 ᠭᠡᠵᠤ ᠪᠣᠳᠤᠭᠠᠤᠨ ᠠᠷᠠᠪᠰᠠᠷ ᠡᠴᠡ ᠭᠡᠨᠡᠳᠲᠡ ᠠᠰᠠᠭᠤᠬᠤ ᠳᠤ ᠰᠠᠶ‍ᠢᠭᠢ ᠭᠡᠦᠭᠡᠨ ᠢ ᠰᠠᠨᠠᠮᠰᠠᠷ ᠦᠭᠡᠶ ᠭᠡᠯᠡᠭᠡᠤᠨ ᠥᠭ᠍ᠴᠢᠭᠡᠵᠡᠢ᠃

— ᠳᠠᠷᠠ ᠭᠡᠦᠭᠡᠨ ᠤ ᠨᠠᠷ᠎ᠠ ᠭᠡᠨ︖ ᠬᠠᠮᠢᠭ᠎ᠠ ᠪᠣᠢ︖ ᠭᠡᠭᠦ ᠳᠤ ᠠᠷᠠᠪᠰᠠᠷ᠄

— ᠨᠠᠷ᠎ᠠ ᠶᠢ ᠨᠢ ᠰᠤᠷᠠᠭᠰᠠᠨ ᠦᠭᠡᠶ᠂ ᠪᠠᠢ᠌ᠭᠰᠠᠨ ᠭᠠᠵᠠᠷ ᠢ ᠨᠢ ᠮᠠᠷᠳᠠᠴᠢᠬᠠᠵᠠᠢ ᠭᠡᠵᠤ ᠭᠡᠯᠡᠭ᠍ᠰᠡᠨ ᠭᠡᠨ᠎ᠡ᠃

ᠬᠣᠢ᠌ᠳᠤ ᠮᠡᠷᠭᠡᠨ ᠳᠠᠮᠠᠨᠠ ᠭᠦᠤ ᠵᠢᠨ ᠶᠢᠠᠨ ᠶᠠᠪᠣᠭᠰᠠᠨ ᠵᠥᠭ᠌ ᠢ ᠵᠥᠭᠯᠡᠵᠤ᠂ ᠳᠡᠢ᠌ᠮᠤ ᠨᠢᠭᠡᠨ ᠭᠡᠦᠭᠡᠨ ᠪᠠᠢ᠌ᠬᠤ ᠡᠰᠡᠭᠦ ᠵᠢ ᠰᠤᠷᠠᠭᠯᠠᠨ ᠶᠠᠪᠣᠵᠤ ᠭᠡᠨ᠎ᠡ᠃ ᠶᠡᠪᠦᠵᠤ ᠪᠠᠢ᠌ᠳᠠᠯ᠎ᠠ ᠵᠡᠮ ᠲ᠋ᠡᠭᠡᠷ᠎ᠡ ᠨᠢ ᠨᠢᠭᠡ ᠭᠡᠦᠭᠡᠨ ᠴᠢᠯᠠᠭᠤᠨ ᠭᠡᠷ ᠪᠠᠷᠢᠨ ᠨᠠᠭᠠᠤᠠᠴᠤ ᠪᠠᠢ᠌ᠨ᠎ᠠ ᠭᠡᠨ᠎ᠡ᠂ ᠮᠡᠷᠭᠡᠨ ᠳᠠᠮᠠᠨᠠ᠄

— ᠭᠡᠦᠭᠡᠨ ᠡ᠂ ᠵᠠᠮ ᠡᠴᠡ ᠭᠡᠷ ᠶᠢᠡᠨ ᠵᠠᠢ᠌ᠯᠠᠭᠤᠯᠵᠤ ᠪᠠᠷᠢᠨ᠎ᠠ ᠦᠦ︖ ᠭᠡᠵᠤ ᠭᠡᠯᠡᠭᠦ ᠳᠤ ᠭᠡᠦᠭᠡᠨ᠄

— ᠠᠬ᠎ᠠ ᠡ᠂ ᠮᠤᠷᠢ ᠭᠡᠷ ᠡᠴᠡ ᠵᠠᠢ᠌ᠯᠠᠳᠠᠭ ᠦᠦ᠂ ᠭᠡᠷ ᠮᠤᠷᠢ ᠡᠴᠡ ᠵᠠᠢ᠌ᠯᠠᠳᠠᠭ ᠦᠦ︖ ᠭᠡᠵᠤ ᠭᠡᠳᠡᠷᠭᠦ ᠠᠰᠠᠭᠤᠴᠢᠬᠠᠭᠠᠤᠨ ᠠᠵᠢᠭ ᠴᠤ ᠦᠭᠡᠶ ᠨᠠᠭᠠᠳᠤᠨ ᠰᠠᠭᠤᠵᠤ ᠭᠡᠨ᠎ᠡ᠃ ᠭᠡᠯᠡ ᠠᠮᠠᠨ ᠳᠤ ᠣᠷᠤᠭᠰᠠᠨ ᠡᠴᠡ ᠪᠠᠨ ᠭᠡᠨ ᠳᠤ ᠴᠤ ᠭᠡᠤᠨ ᠭᠠᠷᠳᠠᠭᠳᠠᠵᠤ ᠥᠵᠡᠭᠡ ᠥᠭᠡᠢ ᠬᠤᠢ᠌ᠳᠤ ᠮᠡᠷᠭᠡᠨ ᠳᠠᠮᠠᠨᠠ ᠦᠨᠦᠳᠤᠷ ᠬᠠᠷᠢᠨ ᠰᠠᠨᠠᠮᠰᠠᠷ ᠦᠭᠡᠶ ᠪᠠᠷ ᠡᠢ᠌ᠮᠤ ᠨᠢᠭᠡᠨ ᠵᠢᠭᠠᠬᠠᠨ ᠭᠡᠦᠭᠡᠨ ᠳᠤ ᠠᠪᠤᠨ ᠳᠤᠤᠷ᠎ᠠ ᠪᠠᠨ ᠳᠠᠭᠯᠠᠭᠳᠠᠭᠠᠤᠨ ᠠᠷᠭ᠎ᠠ ᠬᠤᠷᠭ᠎ᠠ (ᠮᠠᠷᠭ᠎ᠠ) ᠪᠠᠨ ᠪᠠᠷᠠᠭᠰᠠᠨ ᠪᠣᠯᠪᠠᠴᠤ᠂ ᠳᠠᠭᠢᠵᠤ ᠢᠷᠡᠭᠦ ᠳᠡᠭᠡᠨ ᠮᠤᠬᠤᠯᠠᠭᠠᠤᠨ ᠣᠷᠭᠢᠶ᠎ᠠ ᠭᠡᠵᠤ ᠪᠣᠳᠤᠵᠠᠢ᠃

ᠲ᠋ᠠᠷᠠᠭ᠎ᠠ ᠵᠢᠯ ᠤᠨ ᠭᠢᠨᠢ ᠨᠢᠭᠡ ᠰᠢᠷ ᠰᠢᠷ ᠭᠡᠰᠡᠨ ᠨᠢᠮᠳᠠᠷ (ᠵᠥᠭᠡᠯᠡᠨ) ᠪᠣᠷᠤᠭᠠᠨ ᠲᠡᠶ ᠡᠳᠦᠷ ᠮᠡᠷᠭᠡᠨ ᠳᠠᠮᠠᠨᠠ ᠰᠠᠶ‍ᠢᠭᠢ ᠭᠡᠦᠭᠡᠨ ᠢ ᠬᠠᠢ᠌ᠵᠤ ᠭᠦᠷᠭᠦ ᠳᠤ᠂ ᠭᠡᠦᠭᠡᠨ ᠮᠠᠯ ᠤᠨ ᠶᠢᠡᠨ ᠵᠠᠬ᠎ᠠ ᠳᠤ ᠳᠡᠭᠦᠭ᠍ᠰᠡᠨ ᠠᠷᠭᠠᠰᠤ (ᠠᠷᠭᠠᠯ) ᠪᠠᠨ ᠬᠤᠷᠮᠤᠢ ᠪᠠᠷ ᠶᠢᠡᠨ ᠬᠤᠴᠢᠭᠠᠤᠨ ᠥᠷᠮᠦᠭ᠌ (ᠪᠦᠳᠦᠭᠦᠯᠢᠭ᠌ ᠨᠡᠭᠡᠮᠡᠯ) ᠣᠢ᠌ᠮᠤᠰᠤ ᠨᠡᠭᠡᠨ ᠰᠠᠭᠤᠵᠤ ᠪᠠᠢ᠌ᠪᠠ ᠭᠡᠨ᠎ᠡ᠃ ᠮᠡᠷᠭᠡᠨ ᠳᠠᠮᠠᠨᠠ᠄

— ᠭᠦᠶ‍ᠢ᠂ ᠭᠡᠦᠭᠡᠨ ᠡ︕ ᠬᠤᠷᠮᠤᠢ ᠴᠢᠨᠢ ᠬᠤᠷ᠎ᠠ ᠳᠤ ᠳᠠᠪᠳᠤᠪᠠ ᠰᠢᠤ ᠭᠡᠭᠦ ᠳᠤ ᠭᠡᠦᠭᠡᠨ᠄

— ᠬᠤᠷᠮᠤᠢ ᠳᠠᠪᠳᠤᠪᠠᠴᠤ ᠠᠷᠭᠠᠰᠤ ᠬᠠᠭᠤᠷᠠᠢ ᠪᠠᠢ᠌ᠪᠠᠯ ᠬᠠᠷᠢᠵᠤ ᠭᠦᠷᠦᠭᠡᠤᠨ ᠭᠠᠯ ᠶᠢᠡᠨ ᠳᠦᠯᠠᠵᠤ ᠴᠠᠢ ᠪᠠᠨ ᠴᠢᠨᠠᠬᠤ ᠵᠠᠪᠰᠠᠷ ᠬᠤᠷᠮᠤᠢ ᠬᠠᠳᠠᠴᠢᠬᠠᠬᠤ ᠪᠢᠰᠢ ᠦᠦ︖ ᠭᠡᠵᠤ ᠬᠠᠷᠢᠭᠤᠯᠵᠤ ᠭᠡᠨ᠎ᠡ᠃ ᠮᠡᠷᠭᠡᠨ ᠳᠠᠮᠠᠨᠠ᠄

— ᠭᠡᠦᠭᠡ ᠡ᠂ ᠴᠢ ᠡᠨᠡ ᠣᠢ᠌ᠮᠤᠰᠤ ᠪᠠᠨ ᠡᠭᠢᠯᠡᠵᠤ ᠨᠡᠭᠡᠭᠡᠤᠨ ᠣᠳᠤ ᠪᠣᠯᠳᠠᠯ᠎ᠠ ᠭᠡᠳᠤᠨ ᠠᠷᠬᠠᠭ (ᠭᠤᠭᠴᠤᠭ᠎ᠠ) ᠭᠤᠭᠴᠦᠭᠠᠯᠠᠪᠡ︖ ᠭᠡᠵᠤ ᠭᠡᠨᠡᠳᠲᠡ ᠠᠰᠠᠭᠤᠭᠰᠠᠨ ᠳᠤ ᠭᠡᠦᠭᠡᠨ᠄

ᠠᠬ᠎ᠠ ᠡ᠂ ᠳᠠᠨ ᠤ ᠮᠤᠷᠢ ᠭᠡᠷ ᠡᠴᠡ ᠪᠠᠨ ᠭᠠᠷᠤᠭᠠᠤᠨ ᠡ᠊ᠨᠳᠡ ᠢᠷᠠᠳᠠᠯ᠎ᠠ ᠭᠡᠳᠤ ᠠᠯᠬᠤᠪᠠ︖ ᠭᠡᠵᠤ ᠭᠡᠳᠡᠷᠭᠦ ᠠᠰᠠᠭᠤᠭᠰᠠᠨ ᠭᠡᠨ᠎ᠡ᠃ ᠮᠡᠷᠭᠡᠨ ᠳᠠᠮᠠᠨᠠ᠄ 《ᠵᠠ᠂ ᠡᠨᠡ ᠴᠤ ᠨᠢᠭᠡ ᠵᠥᠭᠡᠷ ᠭᠡᠦᠭᠡᠨ ᠪᠢᠰᠢ ᠪᠠᠢ᠌ᠨ᠎ᠡ᠂ ᠲ᠋ᠡᠨᠡᠭ᠌ ᠭᠦᠤ ᠳᠤ ᠮᠢᠨᠢ ᠡᠢ᠌ᠮᠤ ᠨᠢᠭᠡ ᠪᠠᠷᠢ ᠳᠠᠭᠠᠷᠠᠪᠠᠯ ᠰᠠᠶ‍ᠢ ᠭᠠᠯ ᠭᠤᠯᠤᠮᠳᠠ ᠮᠢᠨᠢ ᠳᠠᠰᠤᠷᠠᠬᠤ ᠦᠭᠡᠶ ᠪᠠᠢ᠌ᠬᠤ》 ᠭᠡᠵᠤ ᠪᠣᠳᠤᠭᠰᠠᠨ ᠭᠡᠨ᠎ᠡ᠃ ᠳᠡᠭᠡᠭᠦ ᠳᠤ ᠭᠡᠦᠭᠡᠨ ᠪᠣᠯ ᠠᠷᠠᠪᠰᠠᠷ ᠲ᠋ᠤ ᠠᠷᠭ᠎ᠠ ᠣᠬᠠᠭ᠎ᠠ ᠭᠡᠯᠡᠵᠤ ᠥᠭ᠍ᠳᠡᠭ᠌ ᠳᠠᠷᠠ ᠭᠡᠦᠭᠡᠨ ᠮᠦᠨ ᠪᠠᠢ᠌ᠵᠠᠢ᠃ ᠣᠷᠠᠨ ᠰᠠᠨᠠᠭ᠎ᠠ ᠲᠡᠶ᠂ ᠨᠠᠷᠢᠨ ᠣᠬᠠᠭᠠᠨ ᠲᠡᠶ ᠮᠡᠷᠭᠡᠨ ᠳᠠᠮᠠᠨᠠ ᠥᠷᠭᠦᠯᠵᠢᠯᠡᠨ ᠳᠡᠩᠰᠡᠭᠦ ᠪᠠᠷ᠄

— ᠵᠠ᠂ ᠪᠢ ᠮᠠᠩᠭ᠋ᠠᠳᠤᠷ (ᠮᠠᠷᠭᠠᠰᠢ) ᠲ᠋ᠠᠭᠢᠨ ᠢᠷᠡᠭᠦ ᠳᠤ ᠴᠢ ᠦᠨᠡᠰᠤ ᠪᠠᠷ ᠳᠡᠭᠡᠰᠤ ᠲ᠋ᠦᠮᠦᠭᠠᠳ (ᠲ᠋ᠠᠮᠤᠭᠠᠤᠨ) ᠲ᠋ᠠᠯᠪᠢᠵᠤ ᠪᠠᠢ ᠭᠡᠵᠤ ᠭᠡᠯᠡᠵᠡᠢ᠃ ᠭᠡᠦᠭᠡᠨ᠄

— ᠵᠠ᠂ ᠵᠨ ᠳᠤᠮᠤᠵᠤ ᠳᠠᠯᠪᠢᠬᠤ ᠶᠢ ᠨᠢ ᠪᠢ ᠮᠡᠳᠡᠶ᠎ᠡ᠂ ᠡᠪᠭᠡᠵᠤ ᠡᠡᠪᠬᠤ ᠶᠢ ᠨᠢ ᠳᠠ ᠮᠠᠳᠠ᠂ ᠪᠣᠯᠤᠨ᠎ᠠ ᠦᠦ︖ ᠭᠡᠵᠤ ᠭᠡᠨ᠎ᠡ᠃ ᠮᠡᠷᠭᠡᠨ ᠳᠠᠮᠠᠨᠠ 《ᠪᠣᠯᠤᠨ᠎ᠠ》 ᠭᠡᠤᠨ ᠶᠠᠪᠣᠵᠠᠢ᠃ ᠳᠡᠭᠦᠨ ᠢ ᠶᠠᠪᠣᠮᠠᠭᠴᠠ ᠭᠡᠦᠭᠡᠨ ᠡᠪᠠᠰᠤ ᠪᠠᠷ ᠨᠢᠭᠡ ᠳᠡᠭᠡᠰᠤ ᠳᠤᠮᠤᠭᠠᠤᠨ ᠮᠠᠩᠭ᠋ᠠᠳᠤᠷ ᠨᠢ ᠨᠢᠭᠡᠨ ᠥᠵᠦᠭᠦᠷ ᠡᠴᠡ ᠨᠢ ᠭᠠᠯᠳᠠᠵᠤ ᠣᠷᠭᠢᠴᠢᠬᠠᠭᠠᠤᠨ ᠰᠠᠭᠤᠵᠤ ᠪᠠᠢ᠌ᠵᠠᠢ᠃ ᠳᠡᠭᠡᠭᠡᠤᠨ ᠬᠣᠢ᠌ᠳᠤ ᠮᠡᠷᠭᠡᠨ ᠳᠠᠮᠠᠨᠠ ᠭᠦᠷᠴᠤ ᠢᠷᠡᠭᠦ ᠳᠤ ᠳᠡᠭᠦᠨ ᠶᠢᠡᠨ ᠵᠠᠩᠭ᠋ᠠᠭᠠᠤᠨ (ᠵᠢᠭᠠᠭᠠᠤᠨ)᠄

— ᠦᠨᠡᠰᠤᠨ ᠳᠡᠭᠡᠰᠤ ᠳᠠᠷᠠ ᠪᠠᠢ᠌ᠨ᠎ᠠ᠂ ᠣᠳᠤ ᠳᠠ ᠡᠪᠭᠡᠵᠤ ᠠᠪ ᠳ᠋ᠠ ᠭᠡᠵᠤ ᠭᠡᠨ᠎ᠡ᠃ ᠮᠡᠷᠭᠡᠨ ᠳᠠᠮᠠᠨᠠ ᠠᠷᠭ᠎ᠠ ᠦᠭᠡᠶ ᠪᠣᠯᠬᠤ ᠳᠠᠭᠠᠨ᠄

— ᠥᠨᠡᠭᠡᠷ ᠳᠠᠢ᠌ᠮᠤ ᠰᠥᠷᠡᠭᠡᠢ ᠪᠣᠯ ᠨᠠᠳᠠᠳᠤ ᠡᠷ᠎ᠡ ᠥᠭᠡᠷ ᠤᠨ ᠦᠰᠦ᠋ (ᠰᠥ᠋) ᠪᠠᠷ ᠳᠠᠷᠠᠭ ᠪᠦᠷᠢᠭᠡᠤᠨ ᠳᠠᠯᠪᠢᠵᠤ ᠪᠠᠢ ᠭᠡᠭᠦ ᠳᠤ ᠭᠡᠦᠭᠡᠨ ᠪᠠᠰᠠ᠄

— ᠵᠠ᠂ ᠭᠡᠵᠤ ᠠᠵᠢᠭ ᠴᠤ ᠦᠭᠡᠶ ᠭᠡᠯᠡᠵᠤ ᠭᠡᠨ᠎ᠡ᠃ ᠮᠠᠩᠭ᠋ᠠᠳᠤᠷ ᠨᠢ ᠢᠷᠭᠢ ᠪᠠᠭᠢᠰ (ᠬᠠᠶᠠᠭ᠎ᠠ) ᠵᠢᠠᠨ ᠪᠢᠳᠡᠭᠦᠯᠡᠵᠤ᠂ ᠴᠢᠯᠡᠭᠤᠨ ᠳᠡᠭᠡᠷᠮ᠎ᠡ ᠮᠠᠳᠤ ᠶᠢᠨ ᠭᠦᠡᠳᠤ ᠶᠠᠭᠤᠮ᠎ᠠ ᠪᠠᠨ ᠭᠠᠳᠠᠭᠰᠢ ᠵᠥᠭᠡᠭᠡᠤᠨ ᠶᠠᠭᠠᠷᠠᠵᠤ ᠪᠠᠢ᠌ᠭᠰᠠᠨ ᠭᠡᠦᠭᠡᠨ᠂ ᠬᠤᠯᠠ ᠡᠴᠡ ᠨᠠᠰᠢᠵᠤ (ᠨᠠᠭᠠᠰᠢ ᠢᠷᠠᠵᠤ) ᠶᠠᠪᠣᠭ᠎ᠠ ᠮᠡᠷᠭᠡᠨ ᠳᠠᠮᠠᠨᠠ ᠶᠢᠨ ᠡᠮᠦᠨ᠎ᠡ ᠡᠴᠡ ᠳᠤᠰᠴᠤ ᠭᠦᠷᠦᠭᠡᠤᠨ᠄

— ᠦᠨᠦᠳᠤᠷ ᠮᠠᠨ ᠤ ᠳᠤ ᠭᠦᠯ ᠴᠡᠭᠡᠷ ᠲᠡᠶ᠂ ᠲ᠋ᠠ ᠪᠢᠳᠡᠭᠡᠢ ᠢᠷ᠎ᠠ ᠭᠡᠵᠤ ᠭᠡᠨ᠎ᠡ᠃

— ᠡᠭᠡ ᠴᠢᠨᠢ ᠭᠦᠩᠭᠡᠵᠢᠪᠡ ᠦᠦ︖ ᠭᠡᠵᠤ ᠠᠰᠠᠭᠤᠬᠤ ᠳᠤ᠄

— ᠠᠪᠣ ᠭᠦᠩᠭᠡᠵᠢᠵᠤ ᠪᠠᠢ᠌ᠨ᠎ᠠ ᠭᠡᠵᠤ ᠭᠡᠨ᠎ᠡ᠃

— ᠡᠷ᠎ᠡ ᠭᠦᠮᠤᠨ ᠡᠴᠡ ᠭᠡᠦᠭᠡᠰ ᠭᠠᠷᠤᠨ᠎ᠠ ᠭᠡᠵᠤ ᠪᠠᠢ᠌ᠳᠠᠭ ᠦᠦ︖ ᠭᠡᠵᠤ ᠠᠰᠠᠭᠤᠬᠤ ᠳ᠋ᠤᠨᠢ᠄

— ᠳᠡᠭᠡᠪᠠᠯ ᠡᠷ᠎ᠡ ᠥᠭᠡᠷ ᠡᠴᠡ ᠦᠰᠦ᠋ ᠭᠠᠷᠤᠨ᠎ᠠ ᠭᠡᠵᠤ ᠪᠠᠢ᠌ᠳᠠᠭ ᠦᠦ︖ ᠭᠡᠵᠤ ᠭᠡᠳᠡᠷᠭᠦ ᠠᠰᠠᠭᠤᠵᠤ ᠭᠡᠨ᠎ᠡ᠃

ᠮᠡᠷᠭᠡᠨ ᠳᠠᠮᠠᠨᠠ᠄ 《ᠡᠨᠡ ᠭᠡᠦᠭᠡᠨ ᠢ ᠴᠢᠨᠢ ᠪᠠᠴᠢᠮ ᠰᠤᠴᠢᠮ ᠥᠭᠡ ᠪᠠᠷ ᠨᠢᠭᠡ ᠴᠢᠳᠠᠬᠤ ᠦᠭᠡᠶ ᠪᠣᠯ ᠪᠣᠯᠳᠠᠭ ᠨᠢ ᠪᠢᠰᠢ ᠪᠠᠢ᠌ᠨ᠎ᠠ》 ᠭᠡᠵᠤ ᠪᠣᠳᠤᠭᠠᠤᠨ᠄

—ᠥᠭᠡᠢ ᠴᠢ ᠶᠠᠭᠠᠭᠢᠭᠠᠤᠨ ᠠᠰᠠᠭᠤᠭᠰᠠᠨ ᠢ ᠠᠰᠠᠭᠤᠬᠤ ᠪᠠᠷ ᠬᠠᠷᠢᠭᠤᠯᠳᠠᠭ ᠪᠣᠢ︖ ᠭᠡᠭᠦ ᠳᠤ᠄

— ᠶᠠᠭᠠᠭᠢᠭᠠᠤᠨ ᠪᠣᠯᠳᠠᠭ ᠦᠭᠡᠶ ᠪᠣᠢ︖ ᠭᠡᠵᠤ ᠬᠠᠷᠢᠭᠤᠯᠤᠭᠰᠠᠨ ᠭᠡᠨ᠎ᠡ᠃ ᠬᠣᠢ᠌ᠳᠤ ᠮᠡᠷᠭᠡᠨ ᠳᠠᠮᠠᠨᠠ ᠡᠨᠡ ᠭᠡᠦᠭᠡᠨ ᠢ ᠳᠠᠩᠰᠠᠵᠤ ᠳᠠᠭᠤᠰᠤᠭᠠᠤᠨ ᠶᠡᠭᠡ ᠪᠠᠷ ᠳᠤᠭᠤᠵᠤ᠂ ᠭᠡᠷ ᠲᠡᠭᠡᠨ ᠳᠠᠭᠠᠭᠤᠯᠵᠤ ᠭᠦᠷᠦᠭᠡᠤᠨ ᠭᠦᠤ ᠡᠴᠡ ᠪᠠᠨ᠄

— ᠴᠢᠮᠠᠳᠤ ᠠᠷᠭ᠎ᠠ ᠣᠬᠠᠭᠠᠨ ᠭᠡᠯᠡᠵᠤ ᠦᠭ‍ᠭᠦᠭ᠍ᠰᠡᠨ ᠭᠡᠦᠭᠡᠨ ᠡᠨᠡ ᠮᠦᠨ ᠦᠦ︖ ᠭᠡᠭᠦ ᠳᠤ ᠠᠷᠠᠪᠰᠠᠷ ᠳᠠᠨᠢᠭᠰᠠᠨ ᠦᠭᠡᠶ ᠭᠡᠨ᠎ᠡ᠃ ᠳᠡᠭᠡᠭᠡᠤᠨ ᠭᠡᠦᠭᠡᠨ ᠤ ᠨᠤᠳᠤᠭ ᠣᠰᠤ᠂ ᠨᠠᠷ᠎ᠠ ᠶᠢ ᠨᠢ ᠰᠤᠷᠠᠵᠤ ᠠᠪᠣᠭᠠᠤᠨ ᠪᠣᠴᠠᠭᠠᠵᠤ ᠭᠡᠨ᠎ᠡ᠃ ᠡᠨᠡ ᠭᠡᠦᠭᠡᠨ ᠤ ᠠᠪᠣ ᠨᠢ ᠶᠠᠭ ᠲ᠋ᠠᠷᠠ ᠨᠤᠳᠤᠭ ᠤᠨ ᠶᠢᠡᠨ ᠨᠤᠶᠠᠨ ᠨᠢ ᠪᠠᠢ᠌ᠭᠰᠠᠨ ᠶᠤᠮ ᠪᠠᠢ᠌ᠵᠠᠢ᠂ ᠳᠤᠯᠤᠭᠠᠨ ᠬᠤᠨᠤᠭ ᠤᠨ ᠳᠠᠷᠠᠭ᠎ᠠ ᠮᠡᠷᠭᠡᠨ ᠳᠠᠮᠠᠨᠠ ᠲ᠋ᠠᠷᠠ ᠨᠤᠶᠠᠨ ᠤ ᠭᠡᠷ ᠲᠤ ᠭᠦᠷᠦᠭᠡᠤᠨ᠄

ᠮᠤᠯᠴᠤᠭ ᠴᠠᠭᠠᠨ ᠪᠣᠢ᠌ᠯᠠ ᠲᠡᠶ ᠪᠣᠤᠷ᠎ᠠ ᠶᠢᠨ

ᠮᠤᠠᠴᠤᠭ ᠬᠤᠶᠠᠷ ᠪᠦᠭᠦ ᠲᠡᠶ ᠢᠩᠭᠡ ᠶᠢᠨ

ᠮᠤᠤᠰᠢ (ᠮᠠᠭᠤ ᠪᠢᠰᠢ) ᠣᠯᠠᠨ ᠳᠤᠷᠤᠮ ᠤᠨ ᠣᠤᠭᠠᠨ

ᠬᠠᠵᠠᠭᠤ ᠳ᠋ᠤᠨᠢ ᠳᠠᠷᠮ᠎ᠠ (ᠬᠠᠨ᠎ᠠ) ᠭᠦᠷᠭᠡᠵᠤ ᠥᠵᠡᠭᠡ ᠦᠭᠡᠶ

ᠬᠠᠮᠠᠷ ᠳᠤᠨᠢ ᠪᠣᠢ᠌ᠯᠠ ᠭᠦᠷᠭᠡᠵᠤ ᠥᠵᠡᠭᠡ ᠦᠭᠡᠶ

ᠬᠠᠵᠢᠭ ᠣᠯᠠᠭᠠᠨ ᠢᠩᠭᠡᠨ ᠢ ᠰᠤᠷᠠᠵᠤ ᠶᠠᠪᠣᠨ᠎ᠠ᠂ ᠦᠵᠡᠪᠠ ᠦᠦ︖ ᠭᠡᠭᠦ ᠳᠤ᠂ ᠨᠤᠶᠠᠨ ᠤ ᠭᠢᠰ (ᠭᠢᠨ) ᠣᠴᠢᠷ ᠣᠬᠠᠭᠠᠨ ᠢ ᠨᠢ ᠣᠯᠵᠤ ᠳᠠᠢ᠌ᠯᠵᠤ ᠶᠠᠳᠠᠭᠠᠤᠨ ᠳᠤᠯᠤᠭ᠎ᠠ ᠬᠤᠨᠤᠪᠠ ᠭᠡᠨ᠎ᠡ᠃

ᠲ᠋ᠠᠭᠢᠭᠠᠤᠨ᠄

ᠲ᠋ᠡᠮᠡᠭᠡ ᠭᠦᠳᠦᠯᠳᠡᠭ᠌ ᠨᠢ ᠳᠠᠨ ᠤ ᠳᠤ ᠪᠠᠢ᠌ᠨ᠎ᠠ

ᠲ᠋ᠠᠩ ᠡᠷᠭᠦᠳᠡᠭ᠌ ᠨᠢ ᠮᠠᠨ ᠤ ᠳᠤ ᠪᠠᠢ᠌ᠨ᠎ᠠ ①

ᠴᠠᠯᠮ᠎ᠠ ᠶᠢᠨ ᠰᠠᠢ᠌ᠨ ᠶᠢᠡᠷ ᠮᠤᠷᠢ ᠳᠤᠭᠳᠠᠭᠠᠳᠠᠭ

ᠰᠠᠯᠠᠮ᠎ᠠ ᠶᠢᠨ ᠰᠠᠢ᠌ᠨ ᠶᠢᠡᠷ ᠲᠦᠷᠦ ᠳᠤᠭᠳᠠᠭᠠᠳᠠᠭ

ᠴᠠᠭ ᠶᠢᠡᠷ ᠨᠠᠢ᠌ᠯᠠᠵᠤ ᠭᠡᠷ ᠪᠠᠷᠢᠳᠠᠭ

ᠴᠠᠪᠠ ᠪᠠᠷ ᠨᠠᠢ᠌ᠯᠠᠵᠤ ᠵᠠᠭᠤ ᠭᠦᠷᠳᠡᠭ᠌ ② ᠭᠡᠭᠦ ᠳᠤ ᠪᠠᠰᠠ ᠳᠠᠢ᠌ᠯᠵᠤ ᠴᠢᠳᠠᠭᠰᠠᠨ ᠦᠭᠡᠶ ᠳᠤᠯᠤᠭ᠎ᠠ ᠬᠤᠨᠤᠵᠤ ᠭᠡᠨ᠎ᠡ᠃

ᠢᠩᠭᠢᠵᠤ ᠶᠠᠳᠠᠵᠤ ᠪᠠᠢ᠌ᠬᠤ ᠳᠤ ᠭᠡᠦᠭᠡᠨ ᠨᠢ ᠭᠠᠷᠴᠤ ᠢᠷᠡᠭᠡᠤᠨ᠄

— 《ᠮᠤᠯᠴᠤᠭ ᠴᠠᠭᠠᠨ ᠪᠣᠢ᠌ᠯᠠ ᠲᠡᠶ ᠪᠣᠤᠷ᠎ᠠ》 ᠭᠡᠵᠤ ᠮᠥᠩᠭᠦᠨ ᠭᠠᠩᠰᠠ ᠳᠠᠢ ᠠᠪᠣ ᠶᠢ ᠭᠡᠯᠡᠵᠤ ᠪᠠᠢ᠌ᠨ᠎ᠠ᠂ 《ᠮᠤᠠᠴᠤᠭ ᠬᠤᠶᠠᠷ ᠪᠦᠭᠦ ᠲᠡᠶ ᠢᠩᠭᠡ》 ᠭᠡᠵᠤ ᠡᠭᠡ ᠶᠢ ᠭᠡᠯᠡᠵᠤ ᠪᠠᠢ᠌ᠨ᠎ᠠ᠃ 《ᠮᠤᠤᠰᠢ ᠣᠯᠠᠨ ᠳᠤᠷᠤᠮ》 ᠭᠡᠳᠡᠭ᠌ ᠨᠢ ᠳᠡᠭᠦᠤ ᠨᠡᠷ ᠭᠡᠳᠡᠭ᠌ ᠢ ᠭᠡᠯᠡᠵᠤ ᠪᠠᠢ᠌ᠨ᠎ᠠ᠂ 《ᠬᠠᠵᠠᠭᠤ ᠳᠠᠭᠠᠨ ᠳᠠᠷᠮ᠎ᠠ ᠭᠦᠷᠭᠡᠭᠡ ᠦᠭᠡᠶ᠂ ᠬᠠᠮᠠᠷ ᠲᠠᠭᠠᠨ ᠪᠣᠢ᠌ᠯᠠ ᠭᠦᠷᠭᠡᠭᠡ ᠥᠭᠡᠢ ᠬᠠᠵᠢᠭ ᠤᠯᠠᠭᠠᠨ ᠢᠩᠭᠡᠨ》 ᠭᠡᠵᠤ ᠨᠠᠮᠢ᠋ᠢ ᠭᠡᠯᠡᠵᠤ ᠪᠠᠢ᠌ᠨ᠎ᠠ᠂ ᠡᠨᠡ ᠭᠦᠮᠤᠨ ᠬᠤᠳᠡ ᠣᠷᠤᠭ ᠪᠤᠯᠦᠶ᠎ᠡ ᠭᠡᠵᠤ ᠨᠡᠮᠢ᠋ᠢ ᠠᠪᠬᠤ ᠪᠠᠷ ᠢᠷᠡᠭ᠍ᠰᠡᠨ ᠶᠤᠮ ᠪᠠᠢ᠌ᠨ᠎ᠠ ᠭᠡᠵᠤ ᠳᠠᠢ᠌ᠯᠪᠠ ᠭᠡᠨ᠎ᠡ᠃ ᠵᠠ ᠳᠡᠭᠡᠭᠡᠤᠨ

ᠲ᠋ᠠᠯᠠᠢ ᠶᠡᠭᠡ ᠪᠠᠶᠠᠷ ᠪᠣᠯᠪᠠ ᠭᠡᠨ᠎ᠡ

ᠲ᠋ᠠᠯᠠᠨ ᠡᠳᠦᠷ ᠤᠨ ᠨᠠᠢ᠌ᠷ ᠪᠣᠯᠪᠠ ᠭᠡᠨ᠎ᠡ

ᠲ᠋ᠡᠯᠭᠡᠷ ᠪᠠᠶᠠᠨ ᠬᠤᠷᠢᠮ ᠪᠣᠯᠪᠠ ᠭᠡᠨ᠎ᠡ

ᠲ᠋ᠡᠯᠡᠭᠡᠢ ᠶᠡᠭᠡ ᠭᠦᠯ ᠪᠣᠯᠪᠠ ᠭᠡᠨ᠎ᠡ᠃

ᠲ᠋ᠠᠠᠳᠠ ᠡᠴᠡ ᠪᠠᠨ ᠬᠣᠢ᠌ᠳᠤ ᠮᠡᠷᠭᠡᠨ ᠳᠠᠮᠠᠨᠠ ᠪᠠᠷᠢ ᠪᠠᠨ ᠠᠪᠣᠭᠠᠤᠨ ᠭᠡᠷ ᠲᠡᠭᠡᠨ ᠪᠣᠴᠠᠵᠤ ᠢᠷᠠᠪᠠ ᠭᠡᠨ᠎ᠡ᠃

ᠪᠠᠷᠢ ᠪᠠᠨ ᠠᠪᠴᠢᠷᠠᠭᠠᠤᠨ ᠬᠠᠳᠠᠮ ᠳᠠᠯ᠎ᠠ ᠶᠢᠨ ᠰᠠᠭᠢᠯ ᠭᠤᠷᠢᠮ (ᠴᠡᠭᠡᠷ) ᠊ᠢ ᠶᠠᠮᠠᠷ ᠵᠡᠷᠭᠡ ᠰᠠᠭᠢᠵᠤ ᠪᠠᠢ᠌ᠬᠤ ᠢ ᠨᠢ ᠰᠢᠯᠭᠠᠬᠤ ᠶᠢᠨ ᠳᠦᠯᠦᠭᠡ ᠮᠡᠷᠭᠡᠨ ᠳᠠᠮᠠᠨᠠ ᠭᠡᠴᠡᠭᠦᠤ ᠳᠦᠪᠠᠭ᠌ ᠲᠡᠶ ᠣᠷᠠᠨ ᠰᠠᠴᠠᠨ ᠠᠷᠭ᠎ᠠ ᠪᠠᠷ ᠳᠠᠩᠰᠠᠵᠤ ᠭᠡᠨ᠎ᠡ᠄

— ᠣᠷᠴᠢᠯᠠᠩ ᠤᠨ ᠣᠰᠤᠨ᠂ ᠮᠤᠳᠤᠨ᠂ ᠮᠠᠯ᠂ ᠠᠷᠢᠶᠠᠳᠠᠨ ᠤ ᠨᠠᠷ᠎ᠠ ᠳᠤ ᠪᠦᠷ ᠴᠢᠨᠤ ᠬᠠᠳᠠᠮ ᠳᠡᠭᠡᠳᠤ ᠶᠢᠨ ᠨᠠᠷ᠎ᠠ ᠪᠠᠢ᠌ᠯ᠎ᠠ᠂ ᠴᠢ ᠳᠠᠷᠠ ᠪᠦᠭᠦᠨ ᠤ ᠨᠠᠷ᠎ᠠ ᠶᠢ ᠴᠡᠭᠡᠷᠯᠡᠭᠦ ᠭᠡᠷᠡᠭ᠍ᠳᠡᠢ ᠭᠡᠵᠤ ᠳᠤᠰᠢᠶᠠᠵᠠᠢ᠃ ᠲ᠋ᠡᠭᠡᠭᠡᠤᠨ ᠨᠢᠭᠡᠨ ᠡᠳᠦᠷ ᠨᠢᠭᠡ ᠮᠠᠭᠤ ᠳᠠᠷᠳᠠᠭᠠᠷ ᠡᠪᠠᠷ ᠲᠡᠶ ᠭᠦᠭ᠍ᠰᠢᠨ ᠬᠠᠯᠵᠠᠨ ᠬᠤᠴᠠ ᠪᠠᠨ ᠭᠡᠷᠡᠭ᠌ ᠶᠢᠡᠷ (ᠵᠤᠷᠢᠭᠤᠳᠠ) ᠭᠡᠭᠡᠷ᠎ᠡ ᠣᠷᠭᠢᠵᠤ ᠢᠷᠡᠭᠡᠤᠨ᠂ ᠮᠠᠩᠭ᠋ᠠᠳᠤᠷ ᠥᠷᠦᠭᠦᠨ (ᠮᠠᠷᠭᠠᠰᠢ ᠥᠷᠯᠦᠭᠡ) ᠨᠢ ᠪᠠᠷᠢ ᠪᠠᠨ ᠥᠵᠡᠭᠡᠤᠨ ᠢᠷ᠎ᠠ ᠭᠡᠵᠤ ᠶᠠᠪᠣᠭᠤᠯᠵᠤ ᠭᠡᠨ᠎ᠡ᠃ ᠪᠠᠷᠢ ᠨᠢ ᠶᠠᠪᠣᠭᠠᠤᠨ ᠭᠦᠷᠭᠦ ᠳᠤ ᠬᠤᠴᠠ ᠶᠢ ᠨᠢ ᠭᠤᠤᠯ ᠤᠨ ᠡᠭᠢᠨ ᠳ᠋ᠠᠭᠢ ᠨᠢᠭᠡᠨ ᠰᠠᠭᠯᠠᠭᠠᠷ ᠮᠤᠳᠤᠨ ᠤ ᠢᠷᠤᠭᠠᠯ ᠳᠤ (ᠲ᠋ᠤᠤᠷ᠎ᠠ) ᠴᠢᠨ᠋ᠸ᠎ᠠ ᠢᠳᠡᠴᠢᠭᠡᠭ᠍ᠰᠡᠨ ᠪᠠᠢ᠌ᠵᠤ ᠭᠡᠨ᠎ᠡ᠃ ᠡᠷᠭᠢᠵᠤ ᠢᠷᠡᠭᠦ ᠳᠤ ᠠᠪᠣ ᠨᠢ᠄

— ᠪᠠᠢ᠌ᠨ᠎ᠠ ᠦᠦ︖ ᠭᠡᠵᠤ ᠠᠰᠠᠭᠤᠵᠠᠢ᠃ ᠪᠠᠷᠢ᠄ 《ᠭᠤᠤᠯ᠂ ᠮᠤᠳᠤ᠂ ᠬᠤᠴᠠ ᠯᠤᠭᠭᠠᠷ (ᠴᠤᠭᠭᠠᠷ) ᠮᠢᠨᠤ ᠬᠠᠳᠠᠮ ᠳᠡᠭᠡᠳᠤ ᠶᠢᠨ ᠨᠠᠷ᠎ᠠ ᠭᠡᠳᠡᠭ᠌᠂ ᠴᠡᠭᠡᠷᠯᠡᠭᠦ ᠭᠡᠷᠡᠭ᠍ᠳᠡᠢ》 ᠭᠡᠵᠤ ᠪᠣᠳᠤᠭᠠᠤᠨ᠄

— ᠶᠠᠭᠤᠨ ᠤ ᠳᠠᠨᠢ③ ᠪᠠᠢ᠌ᠬᠤ ᠪᠢᠯᠠ᠂

ᠣᠷᠭᠤᠮᠠᠯ ᠤᠨ ᠢᠷᠤᠭᠠᠯ ᠳᠤ

ᠣᠷᠤᠰᠤᠮᠠᠯ ᠤᠨ ᠡᠭᠢᠨ ᠳᠤ

ᠮᠠᠢ᠌ᠯᠠᠮᠠᠯ ᠤᠨ ᠳᠠᠷᠳᠠᠩ ᠵᠠᠮᠰᠤ ᠠᠬ᠎ᠠ ᠶᠢ

ᠣᠯᠢᠮᠠᠯ ᠨᠢ ᠢᠷᠡᠭᠡᠤᠨ ᠱᠠᠮᠰᠢᠴᠢᠬᠠᠵᠠᠢ᠂ ᠣᠳᠤ ᠳᠠ ᠳᠡᠷᠡᠭᠡᠷ ᠡᠪᠠᠷᠳᠤ (ᠰᠠᠷᠯᠤᠭ ᠱᠠᠷ) ᠪᠠᠨ ᠣᠨᠤᠭᠠᠤᠨ ᠰᠡᠷᠡᠭᠡᠷ ᠰᠢᠭᠢᠷᠠᠳᠤ (ᠰᠢᠭᠢᠷ᠎ᠠ ᠲᠡᠶ ᠫᠣᠤ) ᠪᠠᠨ ᠡᠭᠦᠷᠦᠭᠡᠤᠨ ᠶᠠᠪᠣᠬᠤ ᠶᠤᠮ ᠪᠢᠰᠢ ᠦᠦ︕ ᠭᠡᠵᠤ ᠬᠠᠷᠢᠭᠤᠯᠵᠤ ᠭᠡᠨ᠎ᠡ᠃ ᠪᠠᠰᠠ ᠨᠢᠭᠡ ᠣᠳᠠᠭ᠎ᠠ ᠪᠠᠷᠢ ᠨᠢ ᠨᠥᠳᠦᠭᠦᠷ (ᠣᠭᠤᠷ) ᠊ᠤᠨ ᠴᠢᠯᠠᠭᠤ (ᠮᠠᠠᠴᠤ) ᠪᠠᠨ ᠬᠠᠯᠠᠭᠤᠯᠤᠭᠠᠤᠨ ᠰᠢᠨ᠎ᠠ ᠣᠶᠤᠭᠰᠠᠨ ᠬᠤᠪᠴᠠᠰᠤᠨ ᠶᠢᠡᠨ ᠴᠠᠪᠠᠤᠳᠠᠨ (ᠢᠯᠠᠤᠷᠳᠠᠨ) ᠰᠠᠭᠤᠵᠤ ᠪᠠᠢ᠌ᠬᠤ ᠳ᠋ᠤᠨᠢ ᠬᠣᠢ᠌ᠳᠤ ᠮᠡᠷᠭᠡᠨ ᠳᠠᠮᠠᠨᠠ᠄

— ᠨᠥᠳᠦᠭᠦᠷ ᠤᠨ ᠴᠢᠯᠠᠭᠤ ᠪᠠᠨ ᠭᠠᠯ ᠶᠢᠡᠷ ᠬᠠᠯᠠᠭᠤᠯᠪᠠ ᠦᠦ᠂ ᠣᠰᠤ ᠪᠠᠷ ᠬᠠᠯᠠᠭᠤᠯᠪᠠ ᠦᠦ︖ ᠭᠡᠵᠤ ᠰᠤᠷᠠᠵᠠᠢ᠃ ᠪᠠᠷᠢ ᠨᠢ᠄

ᠮᠤᠭᠠᠢ ᠭᠡᠯᠡᠳᠤ

ᠮᠤᠷᠢᠨ ᠳᠠᠯᠳᠤ

ᠴᠢᠰᠤᠨ ᠥᠩᠭᠡᠳᠤ

ᠴᠢᠪᠠᠭᠠᠨ ᠵᠢᠰᠤᠳᠤ ᠪᠠᠷ ᠬᠠᠯᠠᠭᠤᠯᠪᠠ ᠭᠡᠵᠤ ᠬᠠᠳᠠᠮ ᠤᠨ ᠭᠢᠨᠢ ᠳᠤᠯᠤᠳᠤᠭᠠᠷ ᠦᠶ᠎ᠡ ᠳᠤ ᠥᠨᠡᠭᠡᠷ ᠨᠢᠭᠡ 《ᠭᠠᠯᠴᠢ》 ᠭᠡᠰᠡᠨ ᠨᠠᠷᠠᠳᠠᠢ ᠭᠦᠮᠤᠨ ᠪᠠᠢ᠌ᠭᠰᠠᠨ ᠢ ᠨᠢ ᠣᠷᠠᠨ ᠰᠠᠴᠠᠨ ᠶᠢᠡᠷ ᠴᠡᠭᠡᠷᠯᠡᠨ ᠬᠠᠷᠢᠭᠤᠯᠤᠭᠰᠠᠨ ᠭᠡᠳᠡᠭ᠌᠃ ᠮᠤᠩᠭ᠋ᠤᠯ ᠤᠨ ᠪᠠᠷᠢ ᠭᠦᠮᠤᠨ ᠬᠠᠳᠠᠮ ᠤᠨ ᠨᠠᠷ᠎ᠠ ᠶᠢ ᠴᠡᠭᠡᠷᠯᠡᠳᠡᠭ᠌ ᠶᠤᠰᠤᠨ ᠡᠭᠦᠨ ᠡᠴᠡ ᠭᠠᠷᠤᠭᠰᠠᠨ ᠶᠤᠮ ᠭᠡᠨ᠎ᠡ᠃

ᠵᠨ ᠳᠡᠭᠡᠭᠡᠤᠨ ᠬᠣᠢ᠌ᠳᠤ ᠮᠡᠷᠭᠡᠨ ᠳᠠᠮᠠᠨᠠ

ᠰᠠᠢ᠌ᠨ ᠴᠤ ᠪᠠᠷᠢ ᠲᠡᠶ

ᠰᠠᠢ᠌ᠬᠠᠨ ᠴᠤ ᠠᠢ᠌ᠯ ᠪᠣᠯᠵᠠᠢ᠂

ᠵᠢᠷᠠ ᠴᠤ ᠨᠠᠰᠤᠯᠠᠵᠤ

ᠵᠢᠷᠭᠠᠯᠳᠠᠢ ᠴᠤ ᠠᠮᠢᠳᠤᠷᠠᠵᠠᠢ᠃

ᠣᠤᠭᠤᠳᠠᠭ ᠨᠢ ᠪᠣᠯᠪᠠᠯ

ᠪᠣᠯᠠᠭ ᠤᠨ ᠰᠤᠳᠠᠰᠤᠨ ᠤ ᠣᠰᠤ ᠭᠡᠨ᠎ᠡ᠂

ᠢᠳᠡᠳᠡᠭ᠌ ᠨᠢ ᠪᠣᠯᠪᠠᠯ

ᠪᠣᠭᠤ ᠶᠢᠨ ᠰᠢᠠᠳᠠᠰᠤᠨ ᠤ ᠮᠢᠬ᠎ᠠ ᠭᠡᠨ᠎ᠡ᠃

ᠬᠣᠢ᠌ᠳᠤ ᠮᠡᠷᠭᠡᠨ ᠳᠠᠮᠠᠨᠠ ᠪᠣᠭᠤ ᠠᠯᠠᠬᠤ ᠳᠠᠭᠠᠨ ᠪᠦᠷ ᠯᠠ ᠠᠮᠠᠨ ᠭᠦᠵᠦᠭᠦᠤ ᠶᠢ ᠨᠢ ᠬᠠᠷᠪᠣᠵᠤ ᠠᠯᠠᠳᠠᠭ ᠪᠠᠢ᠌ᠵᠡᠢ᠂ ᠭᠦᠤ ᠨᠢ ᠨᠢᠭᠡ ᠶᠢ ᠣᠨᠠᠭᠠᠳᠠᠭ ᠪᠣᠯᠪᠠᠴᠤ ᠠᠮᠠᠨ ᠭᠦᠵᠦᠭᠦᠤ ᠶᠢ ᠨᠢ ᠠᠪᠴᠤ ᠶᠠᠭᠠᠭᠢᠭᠰᠠᠨ ᠴᠤ ᠴᠢᠳᠠᠳᠠᠭ ᠦᠭᠡᠶ᠂ ᠠᠪᠣ ᠡᠴᠡ ᠪᠠᠨ ᠠᠰᠠᠭᠤᠬᠤ ᠳᠤ ᠠᠷᠭ᠎ᠠ ᠡᠷᠳᠡᠮ ᠶᠢᠡᠨ ᠭᠡᠯᠡᠵᠤ ᠥᠭ᠍ᠳᠡᠭ᠌ ᠦᠭᠡᠶ ᠭᠡᠨ᠎ᠡ᠃ ᠡᠢ᠌ᠮᠤ ᠳᠤ᠂ ᠪᠠᠷᠢ ᠨᠢ ᠠᠷᠭ᠎ᠠ ᠪᠣᠳᠤᠵᠤ ᠪᠠᠢ᠌ᠭᠠᠤᠨ ᠠᠪᠣ ᠶᠢᠨ ᠶᠢᠠᠨ ᠰᠠᠭᠠᠳᠠᠭ ᠢ ᠳᠠᠯᠳᠠᠭᠤᠷ ᠠᠪᠤᠨ ᠭᠠᠯ ᠳᠤ ᠡᠭᠡᠭᠡᠤᠨ ᠬᠡᠦᠷᠰᠢᠭᠦᠯᠵᠤ ᠳᠠᠯᠪᠢᠵᠤ ᠭᠡᠨ᠎ᠡ᠃ ᠲ᠋ᠡᠭᠡᠭᠡᠤᠨ ᠠᠷᠠᠪᠰᠠᠷ ᠲᠤ᠄

—ᠮᠠᠷᠭᠠᠰᠢ ᠠᠪᠣ ᠴᠢᠮ᠎ᠠ ᠪᠠᠷ ᠭᠦᠷᠦᠭᠡᠰᠤ ᠬᠠᠷᠪᠣᠭᠤᠯᠪᠠᠯ ᠴᠢ ᠠᠮᠠᠨ ᠭᠦᠵᠦᠭᠦᠤ ᠶᠢ ᠨᠢ ᠶᠠᠭᠠᠭᠢᠵᠤ ᠬᠠᠷᠪᠣᠳᠠᠭ ᠶᠢ ᠨᠢ ᠠᠰᠠᠭᠤᠵᠤ ᠠᠪᠣᠭᠠᠤᠨ ᠬᠠᠷᠪᠣ︕ ᠭᠡᠵᠤ ᠵᠠᠭᠢᠵᠠᠢ᠃ ᠮᠠᠩᠭ᠋ᠠᠳᠤᠷ ᠨᠢ ᠬᠣᠢ᠌ᠳᠤ ᠮᠡᠷᠭᠡᠨ ᠳᠠᠮᠠᠨᠠ ᠭᠦᠤ ᠪᠠᠨ ᠳᠠᠭᠠᠭᠤᠯᠤᠭᠠᠤᠨ ᠠᠪᠠᠯᠠᠨ ᠶᠠᠪᠣᠵᠤ ᠪᠠᠢ᠌ᠳᠠᠯ᠎ᠠ ᠬᠤᠪᠣᠷ ᠲᠤᠬᠢᠶᠠᠯᠳᠤᠳᠠᠭ 《ᠮᠡᠯᠡᠭᠡᠢ᠌ᠳᠤ》 ᠭᠡᠭ᠍ᠴᠢ ᠪᠣᠭᠤ ᠣᠷᠢᠳ ᠡᠴᠡ ᠨᠢ ᠳᠠᠪᠭᠢᠭᠠᠤᠨ ᠪᠣᠰᠴᠤ ᠭᠡᠨ᠎ᠡ᠃ ᠰᠠᠭᠠᠳᠠᠭ ᠶᠢᠡᠨ ᠠᠪᠣᠮᠠᠭᠴᠠ ᠳᠦᠭᠦᠷᠳᠡᠯ᠎ᠡ ᠨᠢ ᠡᠪᠰᠢᠶᠡᠯᠭᠡᠭᠡᠤᠨ ᠢᠷᠠᠳᠠᠯ᠎ᠠ ᠬᠠᠳᠠᠵᠤ ᠬᠡᠦᠷᠰᠢᠭ᠍ᠰᠡᠨ ᠰᠠᠭᠠᠳᠠᠭ ᠨᠢ 《ᠳᠠᠰ︕》 ᠭᠡᠳᠡᠯ᠎ᠡ ᠬᠤᠭᠤᠷᠴᠢᠬᠠᠵᠠᠢ᠃

— ᠵᠠ ᠪᠣᠯᠤᠭᠰᠠᠨ ᠦᠭᠡᠶ᠂ ᠭᠦᠤ ᠮᠢᠨᠢ ᠴᠢ ᠬᠠᠷᠪᠦ︕ ᠭᠡᠭᠦ ᠳᠤ ᠡᠡᠷᠡᠪᠰᠡᠷ ᠡᠭᠡᠨᠡᠷ ᠤᠨ ᠶᠢᠡᠨ ᠵᠠᠭᠢᠭᠰᠠᠨ ᠢ ᠪᠣᠳᠤᠭᠠᠤᠨ᠄

— ᠶᠠᠭᠠᠭᠢᠵᠤ ᠬᠠᠷᠪᠣᠪᠠᠯ ᠠᠮᠠᠨ ᠭᠦᠵᠦᠭᠦᠤ ᠶᠢ ᠨᠢ ᠠᠪᠳᠠᠭ ᠪᠤᠢ︖ ᠭᠡᠵᠤ ᠠᠰᠠᠭᠤᠵᠤ ᠭᠡᠨ᠎ᠡ᠃ ᠠᠪᠣ ᠨᠢ ᠠᠷᠭ᠎ᠠ ᠦᠭᠡᠶ᠄

— ᠠ ᠮᠦᠨ ᠪᠠᠢ᠌ᠨ᠎ᠠ᠂ ᠠᠷᠭᠠᠳᠤ ᠪᠠᠷᠢ ᠶᠢᠨ ᠮᠢᠨᠢ ᠣᠬᠠᠭᠠᠨ ᠪᠠᠢ᠌ᠨ᠎ᠠ᠂ ᠠᠮᠠᠨ ᠠᠭᠤᠷ ᠢ ᠨᠢ ᠪᠠᠷᠢᠵᠤ ᠬᠠᠷᠪᠦ︖ ᠭᠡᠵᠤ ᠭᠡᠯᠡᠵᠤ ᠥᠭ᠍ᠴᠡᠢ᠃

ᠠᠷᠠᠪᠰᠠᠷ ᠠᠪᠣ ᠶᠢᠨ ᠶᠢᠡᠨ ᠭᠡᠯᠡᠭ᠍ᠰᠡᠨ ᠶᠢᠡᠷ ᠠᠮᠠᠨ ᠠᠭᠤᠷ ᠢ ᠨᠢ ᠬᠠᠷᠪᠣᠬᠤ ᠳᠤ ᠰᠠᠭᠠᠳᠠᠭ ᠤᠨ ᠰᠦᠮᠪᠣ (ᠰᠤᠮᠤ) ᠶᠠᠭ ᠠᠮᠠᠨ ᠭᠦᠵᠦᠭᠦᠤ ᠵᠢ ᠨᠢ ᠠᠪᠴᠤ ᠭᠡᠨ᠎ᠡ᠃ ᠡᠭᠦᠨ ᠡᠴᠡ ᠬᠣᠢ᠌ᠰᠢ ᠠᠷᠠᠪᠰᠠᠷ ᠠᠮᠠᠨ ᠭᠦᠵᠦᠭᠦᠤ ᠬᠠᠷᠪᠣᠬᠤ ᠡᠷᠳᠡᠮ ᠲᠡᠶ ᠪᠤᠯᠵᠠᠢ᠃ ᠭᠡᠳᠡᠯ᠎ᠡ ᠠᠪᠣ ᠨᠢ ᠡᠢ᠌ᠮᠤ ᠪᠣᠭᠤ ᠪᠠᠨ ᠭᠠᠭᠴᠠᠭᠠᠷ ᠥᠪᠴᠢᠭᠡᠤᠨ ᠪᠣᠷᠴᠠᠯᠠᠵᠤ᠂ ᠬᠠᠳᠠᠭᠰᠠᠨ ᠬᠣᠢ᠌ᠨ᠎ᠠ ᠰᠠᠶ‍ᠢ ᠮᠢᠬ᠎ᠠ ᠶᠢ ᠨᠢ ᠭᠡᠷ ᠲ᠋ᠡᠭᠡᠨ ᠠᠪᠴᠢᠷᠠᠳᠠᠭ ᠪᠠᠢ᠌ᠵᠡᠢ᠃ ᠭᠦᠤ ᠪᠠᠷᠢ ᠬᠤᠶᠠᠷ ᠨᠢ ᠶᠠᠮᠠᠷ ᠪᠣᠭᠤ ᠪᠤᠢ︖ ᠭᠡᠭᠦ ᠳᠤ ᠶᠠᠭ ᠭᠡᠯᠡᠵᠤ ᠦᠭ‍ᠭᠦᠳᠡᠭ᠌ ᠦᠭᠡᠶ ᠪᠠᠢ᠌ᠵᠤ ᠭᠡᠨ᠎ᠡ᠃


᠊᠊᠊᠊᠊᠊᠊᠊᠊᠊᠊᠊᠊᠊᠊ ᠳᠠᠢ᠌ᠯᠪᠣᠷᠢ᠄

①ᠭᠡᠦᠭᠡᠨ ᠳᠠᠨ ᠤ ᠳᠤ᠂ ᠭᠦᠪᠠᠭᠦᠨ ᠮᠠᠨ ᠤ ᠳᠤ ᠪᠠᠢ᠌ᠨ᠎ᠠ ᠭᠡᠰᠡᠨ ᠶᠤᠭᠳᠠᠯᠠᠯ᠃

②ᠵᠠᠮ ᠵᠠᠶᠠᠭ᠎ᠠ ᠨᠢ ᠨᠠᠢ᠌ᠯᠠᠵᠤ ᠣᠳᠠᠭᠠᠨ ᠵᠢᠷᠭᠠᠨ᠎ᠠ ᠭᠡᠰᠡᠨ ᠣᠤᠠᠬ᠎ᠠ ᠲᠡᠶ ᠶᠤᠭᠳᠠᠯᠠᠯ ᠥᠭᠡ᠃

③ᠲ᠋ᠠᠨᠢ᠄ ᠴᠢᠨᠢ ᠶᠢᠨ ᠭᠦᠡᠳᠦᠦᠡᠭᠡᠯ ᠥᠭᠡ᠃

ᠵᠤᠬᠢᠶᠠᠭᠴᠢ᠄ ᠴᠡᠪᠰᠢᠭ᠌
ᠳᠠᠷᠤᠮ᠄ 120447
ᠴᠠᠭ᠄ 2006 ᠤᠨ ᠤ 07 ᠰᠠᠷ᠎ᠠ ᠶᠢᠨ 20
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ