ᠨᠡᠪᠲᠡᠷᠡᠨ ᠤᠷᠤᠬᠤ
ᠨᠢ᠋ᠮᠠᠳᠤᠭᠠᠷ ᠪᠦᠯᠦᠭ ᠂ ᠰᠡᠳᠬᠢᠯ ᠳᠤ ᠬᠤᠨᠤᠭᠰᠢᠭᠰᠠᠨ ᠬᠠᠢ᠌ᠷ᠎ᠠ
ᠬᠤᠶᠠᠳᠤᠭᠠᠷ ᠬᠡᠰᠡᠭ ᠂ 《ᠯᠢᠶᠠᠩ ᠵᠦ》 ᠵᠢᠨ ᠠᠶᠠᠰ

ᠠᠮᠢ ᠨᠠᠰᠤ ᠪᠣᠯ ᠳᠤᠩ ᠣᠬᠤᠷ ᠶ‍ᠦᠮ᠃ ᠭᠡᠪᠠᠴᠤ ᠠᠷᠤᠤᠬᠠᠨ ᠰᠤᠷᠳᠠᠯ ᠨᠢ ᠳᠡᠭᠦᠨ ᠢ ᠲᠦᠮᠡᠨ ᠦᠶ᠎ᠡ ᠣᠯᠠᠮᠵᠢᠯᠠᠳᠠᠭ ᠪᠠᠢ᠌ᠨ᠎ᠠ᠃


᠊᠊᠊᠊᠊᠊᠊᠊᠊᠊᠊᠊᠊᠊᠊᠊᠊᠊᠊᠊᠊᠊᠊᠊᠊᠊᠊᠊᠊ ᠱᠧᠺᠱᠹᠧᠷ


ᠪᠢᠳᠠ ᠰᠢᠩᠭᠡᠭᠦᠷ ᠶᠢᠡᠨ ᠨᠡᠭᠡᠭᠡᠵᠤ ᠢᠷᠠᠭᠤ ᠰᠠᠢ᠌ᠬᠠᠨ ᠳᠠᠭᠤᠤ ᠭᠦᠭ᠍ᠵᠢᠮ ᠰᠤᠨᠢᠷᠬᠠᠬᠤ ᠳ᠋ᠠᠭᠠᠨ 《ᠯᠢᠶᠠᠩ ᠵᠤ》 ᠂ 《ᠡᠷᠪᠠᠭᠡᠢ ᠬᠤᠪᠢᠯᠤᠭᠰᠠᠨ》 ᠮᠠᠳᠤ ᠶᠢᠨ ᠴᠢᠭᠢᠨ ᠳᠤ ᠠᠶᠠᠳᠠᠢ ᠳᠠᠭᠤᠤ ᠭᠦᠭ᠍ᠵᠢᠮ ᠢ ᠣᠠᠴᠠ ᠪᠠᠬᠠᠷᠬᠠᠳᠠᠭ ᠪᠢᠯᠠ᠃ ᠣᠯᠠᠨ ᠤ ᠮᠡᠳᠡᠭᠡᠵᠢ ᠪᠠᠷ᠂ ᠯᠢᠶᠠᠩ ᠱᠠᠨ ᠪᠦᠸᠧ ᠪᠣᠯᠤᠨ ᠵᠤ ᠶ‍ᠢᠩ ᠲᠡᠶ ᠶᠢᠨ ᠥᠯᠢᠭᠡᠷ ᠪᠣᠯ ᠹᠧᠥᠳᠠᠯ ᠤᠨ ᠣᠷᠤᠭ ᠤᠨ ᠶᠤᠰᠤᠨ ᠤ ᠭᠦᠯᠢᠶᠡᠰᠦᠯᠡᠯ ᠳᠠᠰᠤᠳᠠᠨ ᠴᠢᠯᠦᠭᠡᠳᠤ ᠢᠨᠠᠭ ᠳᠤᠷᠠᠯᠠᠯ ᠢ ᠭᠦᠭᠡᠭᠡᠴᠡᠯᠳᠦᠭ᠍ᠰᠡᠨ ᠬᠤᠤᠰ ᠵᠠᠯᠠᠭᠤ ᠶᠢᠨ ᠭᠤᠨᠢᠭᠳᠤ ᠵᠥᠴᠦᠭᠡ ᠪᠣᠯᠤᠨ᠎ᠠ᠃ ᠵᠤ ᠶ‍ᠢᠩ ᠲᠡᠶ ᠡᠷᠡᠭ᠍ᠳᠡᠢ ᠶᠤᠰᠤᠭᠠᠷ ᠵᠠᠰᠠᠵᠤ ᠠᠭᠤᠯᠠᠨ ᠳᠤ ᠭᠠᠷᠤᠭᠠᠤᠨ ᠪᠠᠭᠰᠢ ᠡᠴᠡ ᠡᠷᠳᠡᠮ ᠰᠤᠷᠬᠤ ᠳᠠᠭᠠᠨ ᠬᠠᠮᠳᠤ ᠰᠤᠷᠤᠭᠴᠢ ᠯᠢᠶᠠᠩ ᠱᠠᠨ ᠪᠦᠸᠧ ᠲᠡᠶ ᠵᠤᠵᠠᠭᠠᠨ ᠨᠥᠭᠦᠷᠯᠡᠵᠡᠢ᠃ ᠭᠤᠷᠪᠠᠨ ᠵᠢᠯ ᠥᠩᠭᠡᠷᠡᠳᠡᠯ᠎ᠡ ᠯᠢᠶᠠᠩ ᠱᠠᠨ ᠪᠦᠸᠧ᠂ ᠵᠤ ᠶ‍ᠢᠩ ᠲᠡᠶ ᠶᠢᠨ ᠡᠮᠡᠭ᠍ᠳᠡᠢ ᠭᠦᠮᠤᠨ ᠪᠣᠯᠬᠤ ᠶᠢ ᠮᠡᠳᠡᠭ᠍ᠰᠡᠨ ᠦᠭᠡᠶ᠂ ᠣᠳᠠᠭ᠎ᠠ ᠳᠠᠷᠠᠭᠠᠯᠠᠨ ᠬᠠᠢ᠌ᠷ᠎ᠠ ᠪᠠᠨ ᠢᠯᠡᠳᠭᠡᠭᠦ ᠶᠢ ᠨᠢ ᠴᠤ ᠰᠠᠷᠠᠵᠤ ᠮᠡᠳᠡᠭ᠍ᠰᠡᠨ ᠦᠭᠡᠶ᠃ ᠵᠤ ᠶ‍ᠢᠩ ᠲᠡᠶ ᠠᠭᠤᠯᠠᠨ ᠡᠴᠡ ᠪᠠᠭᠤᠭᠠᠤᠨ ᠨᠢᠭᠡ ᠵᠢᠯ ᠪᠣᠯᠤᠭᠰᠠᠨ ᠤ ᠳᠠᠷᠠᠭ᠎ᠠ᠂ ᠯᠢᠶᠠᠩ ᠱᠠᠨ ᠪᠦᠸᠧ ᠰᠤᠷᠤᠯᠭ᠎ᠠ ᠪᠠᠨ ᠳᠡᠭᠦᠰᠭᠡᠵᠤ ᠪᠠᠭᠰᠢ ᠲᠡᠶ ᠪᠠᠨ ᠠᠶᠠᠷᠯᠠᠬᠤ ᠳᠤ᠂ ᠪᠠᠭᠰᠢ ᠨᠢ ᠳᠡᠭᠦᠨ ᠳᠤ ᠵᠤ ᠶ‍ᠢᠩ ᠲᠡᠶ ᠪᠣᠯ ᠡᠮᠡᠭ᠍ᠳᠡᠢ ᠭᠦᠮᠤᠨ ᠪᠣᠯᠬᠤ ᠶᠢ ᠭᠡᠯᠡᠵᠤ ᠥᠭ᠍ᠴᠡᠢ᠃ ᠯᠢᠶᠡᠩ ᠱᠠᠨ ᠪᠦᠸᠧ ᠭᠡᠷ ᠲᠡᠭᠡᠨ ᠬᠠᠷᠢᠭᠠᠤᠨ ᠵᠤ ᠶ‍ᠢᠩ ᠲᠡᠶ ᠶᠢ ᠡᠷᠢᠵᠤ ᠣᠴᠢᠬᠤ ᠳᠤ᠂ ᠵᠤ ᠶ‍ᠢᠩ ᠲᠡᠶ ᠶᠢᠨ ᠡᠴᠢᠭᠡ ᠨᠢ ᠯᠢᠶᠠᠩ ᠊ᠢ 《ᠶᠠᠳᠠᠭᠤ ᠪᠢᠴᠢᠭ᠍ᠳᠡᠨ》 ᠭᠡᠵᠤ ᠭᠤᠯᠤᠭᠠᠤᠨ ᠦᠬᠢᠨ ᠶᠢᠡᠨ ᠠᠯᠪᠠᠳᠠᠯᠭ᠎ᠠ ᠪᠠᠷ ᠶᠡᠭᠡ ᠨᠤᠶᠠᠨ ᠤ ᠭᠦᠤ ᠳᠤ ᠦᠭ‍ᠭᠦ ᠪᠠᠷ ᠣᠷᠤᠭ ᠳᠤᠭᠳᠠᠵᠠᠢ᠃ ᠯᠢᠶᠠᠩ ᠱᠠᠨ ᠪᠦᠸᠧ ᠭᠤᠮᠤᠳᠠᠵᠤ ᠡᠮᠭᠡᠨᠢᠭ᠍ᠰᠡᠭᠡᠷ ᠪᠠᠢ᠌ᠵᠤ ᠡᠪᠠᠦᠡᠴᠢᠯᠡᠭᠡᠤᠨ ᠥᠭᠦᠪᠡ᠃ ᠵᠤ ᠶ‍ᠢᠩ ᠲᠡᠶ ᠡᠨᠡ ᠴᠢᠮᠡᠭᠡ ᠶᠢ ᠳᠤᠭᠤᠯᠬᠤ ᠦᠶᠡᠰ ᠨᠢᠭᠡ᠊ᠨᠳᠡ ᠬᠤᠷᠢᠮ ᠤᠨ ᠡᠳᠦᠷ ᠨᠢ ᠳᠤᠯᠵᠤ ᠪᠠᠷᠢ ᠪᠠᠭᠤᠯᠭᠠᠬᠤ ᠰᠡᠦᠭᠡᠨ ᠳᠡᠭᠡᠷ᠎ᠡ ᠪᠠᠨ ᠭᠠᠷᠴᠢᠬᠠᠭᠰᠠᠨ ᠪᠠᠢ᠌ᠯ᠎ᠠ᠃ ᠣᠷᠢᠳᠤ ᠶᠢᠨ ᠳᠤᠷᠠᠤᠠᠬᠠᠯ ᠣᠷᠤᠭ ᠤᠨ ᠠᠮᠠᠯᠠᠯ ᠨᠢ ᠵᠡᠭᠦᠳᠤ ᠪᠣᠯᠤᠨ ᠵᠡᠮᠬᠠᠷᠡᠭᠠᠳ᠂ ᠭᠦᠨ ᠬᠠᠢ᠌ᠷᠠᠯᠠᠵᠤ ᠵᠤᠵᠠᠭᠠᠨ ᠨᠥᠭᠦᠷᠯᠡᠭ᠍ᠰᠡᠨ ᠰᠠᠤᠠᠭᠢᠯ ᠤᠨ ᠭᠦᠮᠤᠨ ᠨᠢ ᠥᠭᠦᠭᠡᠤᠨ ᠬᠠᠭᠠᠴᠠᠬᠤ ᠳᠤ᠂ ᠵᠤ ᠶ‍ᠢᠩ ᠲᠡᠶ ᠶᠢᠨ ᠵᠢᠷᠦᠭᠡ ᠡᠮᠳᠡᠷᠡᠨ ᠡᠯᠢᠭᠡ ᠨᠢᠴᠠᠷᠠᠭᠠᠤᠨ᠂ ᠯᠢᠶᠠᠩ ᠱᠠᠨ ᠪᠦᠸᠧ ᠶᠢᠨ ᠭᠡᠭᠦᠷ ᠲᠤ ᠦᠰᠦᠷᠤᠨ ᠣᠷᠤᠭᠠᠤᠨ ᠬᠤᠤᠰ ᠡᠷᠪᠠᠭᠡᠢ ᠬᠤᠪᠢᠯᠤᠨ ᠨᠢᠰᠴᠤ ᠣᠤᠠᠪᠠ ᠭᠡᠨ᠎ᠡ᠃ ᠥᠯᠢᠭᠡᠷ ᠤᠨ ᠶᠠᠪᠣᠴᠠ ᠳᠤᠪᠴᠢ ᠳᠦᠭᠦᠮᠭᠡᠨ ᠪᠠᠢ᠌ᠵᠤ᠂ ᠬᠤᠷᠴᠠ ᠰᠢᠷᠦᠭᠦᠨ ᠵᠦᠷᠢᠴᠠᠯ ᠮᠥᠷᠭᠦᠯᠳᠦᠭᠡᠨ ᠪᠠ ᠰᠠᠤᠠᠭᠢᠯ ᠢ ᠭᠦᠳᠡᠯᠭᠡᠮ᠎ᠡ ᠨᠠᠷᠢᠨ ᠵᠢᠷᠤᠭᠯᠠᠯ ᠦᠭᠡᠶ ᠪᠠᠢ᠌ᠳᠠᠯ᠎ᠠ ᠪᠠᠨ ᠣᠷᠳᠤ ᠬᠤᠭᠤᠴᠠᠭᠠᠨ ᠤ ᠳᠤᠷᠰᠢ ᠠᠷᠠᠤᠨ ᠤᠨ ᠳᠤᠮᠳᠠ ᠣᠯᠠᠮᠵᠢᠯᠠᠭᠳᠠᠨ ᠶᠠᠷᠢᠭᠳᠠᠵᠤ᠂ ᠶᠠᠷᠢᠶᠠᠳᠤ ᠵᠥᠴᠦᠭᠡ᠂ ᠰᠢ ᠳᠠᠭᠤᠤᠷᠢ ᠵᠡᠷᠭᠡ ᠣᠯᠠᠨ ᠭᠡᠯᠪᠠᠷᠢ ᠪᠠᠷ ᠳᠡᠯᠭᠡᠷᠡᠭᠦᠯᠦᠭ᠍ᠳᠡᠨ ᠵᠤᠬᠢᠶᠠᠭᠳᠠᠭᠠᠤᠨ ᠦᠨᠡᠨ ᠬᠠᠢ᠌ᠷ᠎ᠠ ᠵᠢᠩᠭᠢᠨᠢ ᠳᠤᠷᠠᠯᠠᠯ ᠤᠨ ᠭᠡᠪ ᠵᠠᠭᠪᠣᠷ ᠪᠣᠯᠤᠭᠰᠠᠨ ᠪᠠᠢ᠌ᠨ᠎ᠠ᠃

ᠠᠷᠠᠤᠨ ᠲᠦᠮᠡᠨ ᠪᠣᠯ ᠳᠡᠦᠭᠡ ᠶᠢᠨ ᠡᠭᠦᠳᠤᠨ ᠪᠦᠳᠦᠭᠡᠭ᠍ᠴᠢ ᠪᠠᠷ ᠪᠠᠷᠠᠬᠤ ᠦᠭᠡᠶ ᠭᠤᠸ᠎ᠠ ᠰᠠᠢ᠌ᠬᠠᠨ ᠡᠡᠮᠢᠳᠦᠷᠡᠯ᠂ ᠡᠷᠭᠢᠮ ᠳᠡᠭᠡᠳᠤ ᠭᠡᠪ ᠰᠤᠷᠳᠠᠯ ᠤᠨ ᠡᠭᠦᠳᠦᠭ᠍ᠴᠢ ᠪᠦᠭᠡᠤᠨ ᠭᠦᠭᠡᠭᠡᠴᠡᠯᠳᠦᠭ᠍ᠴᠢ ᠮᠦᠨ᠃ 《ᠯᠢᠶᠠᠩ ᠵᠤ》   ᠶᠢᠨ ᠠᠶᠠᠰ ᠣᠶᠠᠷᠠᠭᠤᠨ ᠵᠢᠪᠬᠤᠯᠠᠩᠳᠠᠢ ᠡᠭᠡᠰᠢᠭ᠌ ᠶᠢᠡᠷ ᠶᠢᠡᠨ ᠭᠦᠮᠦᠰ ᠤᠨ ᠵᠢᠷᠦᠭᠡᠨ ᠰᠢᠵᠢᠮ ᠢ ᠴᠢᠩᠭ᠋᠎ᠠ ᠴᠢᠪᠬᠠᠳᠠᠵᠤ ᠴᠢᠳᠠᠳᠠᠭ ᠨᠢ ᠠᠶᠠᠯᠭᠤ ᠵᠤᠬᠢᠶᠠᠭᠴᠢ ᠶᠢᠨ ᠣᠷ᠎ᠠ ᠮᠡᠷᠭᠡᠵᠢᠯ ᠳᠤ ᠪᠠᠢ᠌ᠭ᠎ᠠ ᠪᠢᠰᠢ᠂ ᠬᠠᠷᠢᠨ ᠥᠯᠢᠭᠡᠷ ᠤᠨ ᠳᠤᠰ ᠪᠠᠶ᠎ᠠ ᠳ᠋ᠤᠨᠢ ᠪᠣᠢ᠃ ᠲ᠋ᠠᠷᠠ ᠨᠢ ᠭᠦᠮᠦᠰ ᠤᠨ ᠦᠷᠦᠪᠴᠢ ᠰᠠᠤᠠᠭᠢᠯ ᠬᠠᠯᠠᠭᠤᠨ ᠬᠠᠢ᠌ᠷ᠎ᠠ ᠶᠢᠨ ᠣᠤᠷ ᠴᠢᠨᠠᠷ ᠢ ᠳᠠᠭᠤᠳᠠᠨ ᠰᠡᠷᠢᠭᠡᠵᠤ᠂ ᠹᠧᠦᠳᠡᠯ ᠤᠨ ᠣᠷᠤᠭ ᠤᠨ ᠶᠤᠰᠤᠨ ᠳᠤ ᠭᠦᠴᠦᠳᠡᠢ ᠡᠰᠡᠷᠭᠦᠴᠡᠯ ᠳᠠᠯᠪᠢᠭᠰᠠᠨ ᠠᠷᠠᠤᠨ ᠲᠦᠮᠡᠨ ᠤ ᠰᠠᠤᠠᠭᠢᠯ ᠤᠨ ᠳᠠᠭᠤᠨ ᠪᠣᠯᠤᠭᠰᠠᠨ ᠪᠠᠢ᠌ᠨ᠎ᠠ᠃ ᠲ᠋ᠤᠬᠠᠢ ᠶᠢᠨ ᠦᠶ᠎ᠡ ᠶᠢᠨ ᠭᠦᠮᠦᠰ ᠤᠨ ᠦᠵᠡᠯ ᠣᠬᠠᠮᠰᠠᠷ ᠤᠨ ᠭᠢᠷᠢ ᠲᠦᠪᠰᠢᠨ ᠳᠤ᠂ ᠹᠧᠥᠳᠠᠯ ᠤᠨ ᠪᠣᠷᠤᠩᠬᠠᠢ ᠳᠦᠷᠢᠮ ᠢᠯᠵᠢᠷᠠᠮᠠᠯ ᠭᠡᠪᠰᠢᠯ ᠤᠨ ᠥᠭᠡᠳᠡ ᠵᠥᠪᠭᠡᠨ 《ᠡᠷᠪᠠᠭᠡᠢ ᠬᠤᠪᠢᠯᠬᠤ》 ᠨᠠᠵᠠᠭᠠᠢ ᠡᠰᠡᠷᠭᠦᠴᠡᠯ ᠳᠠᠯᠪᠢᠬᠤ ᠡᠴᠡ ᠥᠭᠡᠷ᠎ᠡ ᠢᠳᠠᠪᠭᠢᠳᠠᠢ ᠳᠠᠮᠠᠴᠠᠯ ᠭᠢᠭᠦ ᠠᠷᠭ᠎ᠠ ᠵᠠᠮ ᠶᠢᠡᠨ ᠡᠷᠢᠵᠤ ᠣᠯᠤᠭᠠᠳᠤᠢ ᠪᠠᠢ᠌ᠭᠰᠠᠨ ᠶ‍ᠦᠮ᠃ ᠡᠨᠡ ᠥᠯᠢᠭᠡᠷ ᠨᠢ ᠦᠨᠡᠨ ᠭᠦᠮᠤᠨ ᠳᠡᠦᠭᠡᠨ ᠭᠡᠷᠡᠭ᠌ ᠡᠴᠡ ᠰᠡᠳᠦᠪᠯᠡᠭ᠍ᠰᠡᠨ ᠪᠤᠯᠪᠠᠴᠤ᠂ ᠲ᠋ᠡᠦᠭᠡᠨ ᠣᠯᠪᠠᠭ᠎ᠠ ᠡᠴᠡ ᠪᠠᠨ ᠰᠠᠯᠵᠤ 《ᠴᠢᠨ ᠴᠢᠶᠦ᠋ᠩ ᠢ ᠭᠤᠸᠠᠨ ᠭᠦᠩ ᠲᠡᠶ ᠪᠠᠢ᠌ᠯᠳᠤᠭᠤᠯᠤᠭᠰᠠᠨ》 ᠲ᠋ᠤᠮᠤᠭ ᠪᠣᠯᠴᠢᠬᠠᠭᠰᠠᠨ ᠠᠵᠢ᠃ ᠵᠤ ᠶ‍ᠢᠩ ᠲᠡᠶ ᠪᠣᠯ ᠡᠮᠦᠨᠡᠳᠤ ᠣᠮᠠᠷᠠᠳᠤ ᠲᠦᠷᠦ ᠶᠢᠨ ᠴᠧᠨ ᠣᠯᠤᠰ ᠤᠨ ᠡᠮᠡᠭ᠍ᠳᠡᠢ ᠵᠢᠷᠤᠮᠳᠤ ᠪᠠᠭᠠᠳᠤᠷ ᠪᠦᠭᠡᠤᠨ ᠨᠢᠳᠤᠷᠭᠠᠨ ᠠᠪᠢᠶᠠᠰ ᠵᠡᠪᠰᠡᠭ᠌ ᠤᠨ ᠡᠷᠳᠡᠮ ᠳᠤ ᠴᠠᠭᠠᠷᠠᠵᠤ᠂ ᠬᠠᠷᠭᠢᠰ ᠢ ᠳᠠᠷᠤᠩᠭ᠋ᠣᠢ᠌ᠯᠠᠨ ᠶᠠᠳᠠᠭᠤᠴᠤᠳ ᠢ ᠳᠤᠰᠠᠯᠠᠭᠠᠤᠨ ᠣᠯᠠᠨ ᠤ ᠭᠦᠷᠢᠶᠡᠯᠡᠯ ᠢ ᠣᠯᠤᠭᠰᠠᠨ ᠬᠤᠪᠣᠷᠬᠠᠨ ᠰᠠᠢ᠌ᠨ ᠭᠦᠮᠤᠨ ᠪᠠᠢ᠌ᠵᠠᠢ᠃

ᠲ᠋ᠤᠬᠠᠢ ᠶᠢᠨ ᠦᠶ᠎ᠡ ᠵᠸᠵᠢᠶᠠᠩ ᠮᠤᠵᠢ ᠶᠢᠨ ᠨᠢᠩᠪᠦᠧ ᠹᠦ ᠳᠤ ᠨᠢᠭᠡᠨ ᠮᠠ ᠣᠪᠣᠭᠳᠠᠢ ᠳᠠᠢ᠌ᠱᠸᠤ ᠲᠦᠰᠢᠮᠠᠯ ᠪᠠᠢ᠌ᠵᠤ᠂ ᠡᠷᠭᠡ ᠰᠦᠷ ᠶᠢᠡᠷ ᠶᠢᠡᠨ ᠭᠦᠮᠤᠨ ᠳᠠᠷᠤᠯᠠᠵᠤ ᠬᠤᠪᠳᠤᠭ ᠠᠪᠯᠢᠭᠠᠴᠢ ᠪᠠᠷ ᠶᠢᠡᠨ ᠬᠤᠯᠠ ᠣᠢ᠌ᠷ᠎ᠠ ᠳᠤ ᠠᠯᠳᠠᠷᠰᠢᠭᠰᠠᠨ ᠭᠡᠴᠡᠭᠦᠤ ᠨᠤᠶᠠᠨ ᠪᠠᠢ᠌ᠵᠡᠢ᠃ ᠡᠨᠡ ᠭᠦᠮᠤᠨ ᠡᠷᠭᠡᠰᠢᠶᠡᠯ ᠤᠨ ᠭᠠᠵᠠᠷ ᠤᠨ ᠶᠢᠡᠨ ᠭᠠᠢ᠌ᠯᠢ ᠳᠦᠷᠢᠶᠠᠰᠤ ᠶᠢ ᠠᠷᠪᠠᠨ ᠳᠠᠪᠬᠤᠷ ᠨᠡᠮᠡᠵᠤ᠂ ᠭᠡᠷᠴᠡᠭᠡᠢ ᠬᠤᠤᠷᠳᠠᠢ ᠡᠷᠡᠭᠦᠤ ᠭᠢᠳᠤᠯᠭ᠎ᠠ ᠪᠠᠷ ᠶᠢᠡᠨ ᠠᠷᠠᠤᠨ ᠢᠷᠭᠡᠤᠨ ᠢ ᠠᠮᠢᠳᠤᠷᠠᠬᠤ ᠶᠢᠨ ᠠᠷᠭ᠎ᠠ ᠦᠭᠡᠶ ᠪᠣᠯᠭᠠᠭᠰᠠᠨ ᠪᠠᠢ᠌ᠨ᠎ᠠ᠃ ᠵᠤ ᠶ‍ᠢᠩ ᠲᠡᠶ᠂ ᠲ᠋ᠠᠢ᠌ᠱᠸᠤ ᠶᠢᠨ ᠶᠠᠮᠤᠨ ᠡᠴᠡ ᠬᠤᠶᠠᠷ ᠣᠳᠠᠭ᠎ᠠ ᠮᠥᠩᠭᠦ ᠬᠤᠯᠠᠭᠠᠢ᠌ᠯᠠᠵᠤ ᠶᠠᠳᠠᠭᠤᠴᠤᠳ ᠲᠤ ᠳᠦᠭᠡᠭᠡᠨ ᠦᠭ‍ᠭᠦᠭᠡᠤᠨ᠂ ᠭᠤᠷᠪᠠᠳᠦᠭᠠᠷ ᠣᠳᠠᠭ᠎ᠠ ᠳᠡᠭᠡᠷ᠎ᠡ ᠪᠠᠨ ᠳᠠᠢ᠌ᠱᠸᠤ ᠲᠦᠰᠢᠮᠠᠯ ᠤᠨ ᠭᠦᠪᠠᠭᠦᠨ ᠮᠠ ᠸᠧᠨ ᠽᠠᠢ ᠶᠢᠨ ᠥᠭᠡᠰᠢᠨ ᠳᠤ ᠣᠨᠠᠭᠠᠤᠨ ᠪᠠᠷᠢᠭᠳᠠᠵᠠᠢ᠃ ᠮᠠ ᠸᠧᠨ ᠽᠠᠢ᠂ ᠵᠤ ᠶ‍ᠢᠩ ᠲᠡᠶ ᠶᠢᠨ ᠭᠤᠸ᠎ᠠ ᠥᠵᠡᠰᠭᠦᠯᠡᠩ ᠥᠩᠭᠡ ᠵᠢᠰᠤ ᠶᠢ ᠳᠠᠴᠢᠶᠠᠵᠤ᠂ ᠣᠷᠠᠨ ᠬᠤᠩᠰᠢᠶᠠᠷᠯᠠᠨ ᠣᠷᠤᠭ ᠭᠤᠶᠤᠵᠤ ᠡᠯᠳᠡᠪ ᠮᠡᠭᠡ ᠪᠠᠨ ᠣᠯᠠᠷᠢᠭᠤᠯᠤᠭᠰᠠᠨ ᠪᠣᠯᠪᠠᠴᠤ᠂ ᠵᠤ ᠶ‍ᠢᠩ ᠲᠡᠶ ᠶᠢᠨ ᠴᠢᠩᠭ᠋᠎ᠠ ᠡᠰᠡᠷᠭᠦᠴᠡᠯ ᠳᠤᠤᠷ᠎ᠠ ᠡᠭᠡᠨᠡᠷ ᠶᠢᠡᠨ ᠪᠣᠯᠭᠠᠬᠤ ᠭᠡᠰᠡᠨ ᠭᠤᠷᠢᠳᠠᠯ ᠨᠢ ᠬᠤᠭᠤᠰᠤᠳᠠᠭᠰᠠᠨ ᠪᠠᠢ᠌ᠪᠡ᠃ ᠲ᠋ᠡᠭᠡᠭᠡᠤᠨ ᠮᠠ ᠸᠧᠨ ᠽᠠᠢ ᠶᠢᠨ ᠠᠳᠠᠭᠤᠰᠤᠨ ᠴᠢᠨᠠᠷ ᠨᠢ ᠭᠦᠳᠡᠯᠦᠭᠡᠤᠨ ᠵᠤ ᠶ‍ᠢᠩ ᠲᠡᠶ ᠶᠢ ᠭᠦᠴᠦ ᠪᠠᠷ ᠳᠤᠷᠤᠮᠵᠢᠯᠠᠬᠤ ᠭᠡᠵᠤ ᠪᠠᠢ᠌ᠭᠠᠤᠨ ᠭᠠᠭᠴᠠᠬᠠᠨ ᠢᠰᠭᠦᠯᠦᠭ᠍ᠳᠡᠭᠡᠤᠨ ᠠᠮᠢ ᠳᠠᠰᠤᠷᠠᠵᠤ᠂  ᠵᠤ ᠶ‍ᠢᠩ ᠲᠡᠶ ᠴᠤ ᠣᠯᠠᠨ ᠬᠤᠶᠠᠭ ᠤᠨ ᠭᠢᠨᠢ ᠰᠠᠮᠠᠭᠤᠨ ᠢᠯᠳᠤᠨ ᠳᠤ ᠥᠭᠦᠭ᠍ᠰᠡᠨ ᠪᠠᠢ᠌ᠪᠠ᠃ ᠠᠷᠠᠤᠨ ᠢᠷᠭᠡᠤᠨ ᠵᠤ ᠶ‍ᠢᠩ ᠲᠡᠶ ᠶᠢᠨ ᠭᠡᠭᠦᠷ ᠢ ᠬᠤᠷᠢᠶᠠᠮᠵᠢᠯᠠᠵᠤ᠂ ᠭᠢᠵᠠᠭᠠᠷ ᠦᠭᠡᠶ ᠡᠮᠭᠡᠨᠢᠨ ᠭᠠᠰᠢᠭᠤᠳᠠᠬᠤ ᠳᠠᠭᠠᠨ ᠭᠠᠠᠳᠢᠭ ᠴᠢᠯᠠᠭᠤᠨ ᠭᠦᠰᠢᠶ᠎ᠡ ᠪᠣᠰᠬᠠᠵᠤ᠂ ᠨᠢᠭᠤᠷ ᠤᠨ ᠳᠠᠯ᠎ᠠ ᠳ᠋ᠤᠨᠢ 《ᠵᠢᠷᠤᠮᠳᠤ ᠪᠠᠭᠠᠳᠤᠷ ᠵᠤ ᠶ‍ᠢᠩ ᠲᠡᠶ ᠶᠢᠨ ᠤᠩᠭ᠋ᠤᠨ》 ᠭᠡᠭᠦ ᠳᠤᠮᠤ ᠥᠰᠦᠭ᠌ ᠰᠠᠢ᠌ᠯᠵᠤ᠂ ᠠᠷᠤ ᠳᠠᠯ᠎ᠠ ᠳ᠋ᠤᠨᠢ ᠳᠡᠭᠦᠨ ᠤ ᠣᠬᠤᠷᠬᠠᠨ ᠨᠢᠭᠡ ᠨᠠᠰᠤᠨ ᠤ ᠪᠠᠯᠠᠷᠠᠰᠢ ᠦᠭᠡᠶ ᠣᠢ᠌ᠯᠠ ᠶᠠᠪᠣᠳᠠᠯ ᠢ ᠳᠡᠮᠳᠡᠭᠯᠡᠵᠡᠢ᠃ ᠲ᠋ᠡᠦᠭᠡ ᠶᠢᠨ ᠣᠷᠳᠤ ᠬᠤᠭᠤᠴᠠᠭᠠᠨ ᠤ ᠰᠠᠯᠭᠢᠨ ᠪᠣᠷᠤᠭᠠᠨ ᠤ ᠡᠯᠡᠭᠡᠯᠳᠡ ᠳᠤ᠂ ᠵᠤ ᠶ‍ᠢᠩ ᠲᠡᠶ ᠶᠢᠨ ᠣᠩᠭ᠋ᠤᠨ ᠭᠦᠰᠢᠶ᠎ᠡ ᠭᠦᠷᠦᠰᠤᠨ ᠳᠤᠤᠷ᠎ᠠ ᠪᠣᠯᠠᠭᠳᠠᠭᠰᠠᠨ ᠪᠤᠯᠪᠠᠴᠤ᠂ ᠲ᠋ᠡᠭᠦᠨ ᠤ ᠭᠡᠷᠡᠯ ᠰᠠᠴᠤᠷᠠᠩᠭ᠋ᠤᠢ ᠣᠢ᠌ᠯᠠ ᠶᠠᠪᠣᠳᠠᠯ ᠠᠷᠠᠤᠨ ᠤᠨ ᠳᠤᠮᠳᠠ ᠦᠶ᠎ᠡ ᠣᠯᠠᠷᠢᠨ ᠣᠯᠠᠮᠵᠢᠯᠠᠭᠳᠠᠭᠰᠠᠭᠠᠷ ᠢᠷᠠᠵᠠᠢ᠃

ᠶ‍ᠢᠰᠤᠨ ᠵᠠᠭᠤ ᠢᠯᠡᠭᠦᠤ ᠵᠢᠯ ᠤᠨ ᠳᠠᠷᠠᠭ᠎ᠠ ᠮᠢᠩ ᠣᠯᠤᠰ ᠤᠨ ᠦᠶ᠎ᠡ ᠭᠦᠷᠴᠤ ᠢᠷᠡᠭᠡᠤᠨ᠂ ᠵᠧᠵᠢᠶᠡᠩ ᠮᠤᠵᠢ ᠶᠢᠨ ᠶ‍ᠢᠨ ᠰᠢᠶᠠᠨ ᠳ᠋ᠤ 《ᠭᠡᠭᠡᠨ ᠳᠡᠭ᠍ᠷᠢ ᠭᠡᠷᠡᠯᠳᠤ ᠨᠡᠷᠡᠨ》 ᠭᠡᠰᠡᠨ ᠴᠤᠯᠠ ᠲᠡᠶ ᠯᠢᠶᠠᠩ ᠱᠠᠨ ᠪᠦᠸᠧ ᠭᠡᠳᠡᠭ᠌ ᠰᠢᠶᠠᠨ ᠤ ᠮᠡᠳᠡᠭ᠍ᠴᠢ ᠭᠠᠷᠪᠡ᠃ ᠡᠨᠡ ᠭᠦᠮᠤᠨ ᠠᠷᠠᠤᠨ ᠤᠨ ᠰᠠᠭᠤᠴᠠ ᠪᠠᠷ ᠣᠷᠤᠴᠠ ᠪᠠᠨ ᠭᠢᠵᠤ᠂ ᠠᠯᠪᠠᠨ ᠴᠠᠯᠢᠩ ᠶᠢᠡᠷ ᠶᠢᠡᠨ ᠳᠡᠳᠭᠦᠮᠵᠢ ᠪᠤᠯᠭᠠᠭᠠᠳ᠂ ᠲ᠋ᠡᠭᠡᠳᠤ ᠱᠠᠳᠤ ᠪᠣᠯᠤᠨ ᠡᠷᠭᠡ ᠰᠦᠷᠳᠠᠨ ᠢ ᠳᠤᠯᠳᠣᠢ᠌ᠤᠠᠬᠤ ᠦᠭᠡᠶ᠂ ᠡᠭᠡᠯ ᠳᠤᠤᠷᠠᠳᠤᠰ ᠢ ᠡᠨᠡᠷᠢᠨ ᠠᠷᠠᠤᠨ ᠣᠯᠠᠨ ᠤ ᠳᠦᠯᠦᠭᠡ ᠠᠮᠢ ᠴᠦᠯᠠᠨ ᠠᠵᠢᠯᠯᠠᠵᠠᠢ᠃ ᠲ᠋ᠠᠷᠠ ᠰᠡᠦᠭᠡᠨ ᠳᠤ ᠰᠠᠭᠤᠬᠤ ᠦᠭᠡᠶ᠂ ᠰᠡᠷᠡᠭᠡᠳᠤ ᠠᠯᠪᠠᠳᠤ ᠳᠠᠭᠠᠭᠤᠯᠬᠤ ᠦᠭᠡᠶ᠂ ᠬᠠᠮᠢᠭ᠎ᠠ ᠪᠣᠯᠪᠠᠴᠤ ᠶᠠᠪᠠᠭᠠᠯᠠᠨ ᠭᠦᠷᠴᠤ᠂ ᠶᠡᠮᠡᠷ ᠳᠦᠪᠠᠭ᠍ᠳᠡᠢ ᠵᠠᠷᠭᠤ ᠪᠣᠯᠤᠭᠰᠠᠨ ᠴᠤ ᠲᠦᠪ ᠭᠤᠤᠯᠴᠢ ᠪᠠᠷ ᠳᠡᠰᠦᠯᠡᠨ᠂ ᠮᠥᠩᠭᠦ ᠭᠢᠬᠠᠬᠤ ᠦᠭᠡᠶ ᠪᠠᠯᠡᠭ᠌ ᠬᠤᠷᠢᠶᠠᠬᠤ ᠦᠭᠡᠶ ᠪᠠᠢ᠌ᠳᠠᠭ ᠡᠴᠡ ᠶ‍ᠢᠷᠳᠢᠠᠴᠤ ᠶᠢᠨ ᠭᠦᠮᠤᠨ ᠪᠢᠰᠢᠷᠡᠭᠦ ᠦᠭᠡᠶ ᠠᠮᠢᠳᠠᠨ ᠦᠭᠡᠶ᠃ ᠡᠭᠡᠨᠡᠷ ᠨᠢ ᠭᠡᠦᠭᠡᠤᠨ ᠳᠦᠷᠦᠭ᠍ᠰᠡᠨ ᠦᠭᠡᠶ ᠳᠦᠷᠭᠡᠨ ᠡᠪᠠᠦᠡᠴᠢᠨ ᠶᠢᠡᠷ ᠨᠠᠰᠤ ᠪᠠᠷᠠᠭᠰᠠᠨ ᠳᠤ᠂ ᠠᠷᠠᠤᠨ ᠤᠳ ᠳᠠᠭᠢᠨ ᠣᠷᠤᠭᠯᠠᠭᠤᠯᠬᠤ ᠪᠠᠷ ᠢᠤᠠᠬᠠᠭᠰᠠᠨ ᠳᠤ ᠯᠢᠶᠠᠩ ᠱᠠᠨ ᠪᠦᠸᠧ᠄

《ᠪᠢ ᠭᠡᠭ᠍ᠴᠢ ᠭᠦᠮᠤᠨ ᠠᠯᠪᠠᠨ ᠠᠵᠢᠯ ᠳᠠᠭᠠᠨ ᠶᠠᠭᠠᠷᠠᠭᠰᠠᠭᠠᠷ ᠠᠪᠠᠯᠢ ᠭᠡᠷᠭᠡᠢ ᠪᠠᠨ ᠬᠠᠷᠠᠭᠠᠯᠵᠠᠵᠤ ᠴᠢᠳᠠᠬᠤ ᠦᠭᠡᠶ ᠶᠤᠮ ᠡ᠃ ᠥᠭᠡᠷ᠎ᠡ ᠪᠦᠰᠡᠭᠦᠢ ᠶᠢ ᠪᠠᠰᠠ ᠳᠠᠭᠠᠵᠤ ᠭᠢᠯᠢᠰᠳᠡᠭᠦᠯᠦᠭᠡᠤᠨ ᠶᠠᠭᠠᠭᠢᠬᠤ ᠪᠣᠢ︖ ᠦᠷ᠎ᠡ ᠭᠡᠦᠭᠡᠤᠨ ᠪᠠᠢ᠌ᠬᠤ ᠡᠰᠡᠭᠦ ᠬᠠᠮᠢᠶ᠎ᠠ ᠦᠭᠡᠶ᠂ ᠶ‍ᠢᠨ ᠰᠢᠶᠠᠨ ᠤ ᠵᠠᠭᠤᠨ ᠣᠪᠣᠭᠳᠠᠨ ᠤ ᠦᠷᠡᠰ ᠪᠦᠷ ᠮᠢᠨᠤ ᠦᠷ᠎ᠡ ᠭᠡᠦᠭᠡᠤᠨ ᠰᠢᠤ ᠳ᠋ᠡ》 ᠭᠡᠤᠨ ᠳᠠᠭᠢᠨ ᠣᠷᠤᠭᠯᠠᠭᠰᠠᠨ ᠦᠭᠡᠶ᠃ ᠯᠢᠶᠠᠩ ᠱᠠᠨ ᠪᠦᠸᠧ ᠶᠢ ᠨᠠᠰᠤ ᠪᠠᠷᠠᠬᠤ ᠳᠤ ᠭᠠᠰᠢᠭᠤᠳᠠᠯ ᠤᠨ ᠮᠠᠨᠠᠨ ᠶ‍ᠢᠨ ᠰᠢᠶᠠᠨ ᠢ ᠪᠦᠷᠭᠦᠭᠡᠤᠨ ᠣᠭᠢᠯᠠᠬᠤ ᠳᠠᠭᠤᠨ ᠭᠡᠳᠤᠨ ᠵᠠᠭᠤᠨ ᠭᠠᠵᠠᠷ ᠥᠷᠭᠦᠯᠵᠢᠯᠡᠵᠤ᠂ ᠪᠦᠭᠦ ᠰᠢᠶᠠᠨ ᠤ ᠠᠷᠠᠤᠨ ᠢᠷᠭᠡᠤᠨ ᠭᠡᠦᠭᠡᠤᠨ ᠶᠢᠡᠨ ᠭᠦᠳᠦᠯᠤᠨ ᠨᠠᠰᠤᠳᠠᠨ ᠶᠢᠡᠨ ᠲᠦᠰᠢᠵᠤ ᠢᠷᠡᠭᠡᠤᠨ ᠣᠷᠤᠰᠢᠭᠤᠯᠤᠯᠭ᠎ᠠ ᠶᠢᠨ ᠭᠠᠵᠠᠷ ᠴᠤᠭᠯᠠᠷᠠᠪᠠ᠃ ᠣᠩᠭ᠋ᠤᠨ ᠤ ᠨᠥᠭᠡ ᠶᠢ ᠣᠬᠤᠵᠤ ᠪᠠᠢ᠌ᠭᠠᠤᠨ ᠰᠠᠨᠠᠭᠠᠨ ᠳᠤ ᠦᠭᠡᠶ ᠪᠠᠷ ᠵᠤ ᠶ‍ᠢᠩ ᠲᠡᠶ ᠶᠢᠨ ᠭᠦᠰᠢᠶ᠎ᠡ ᠶᠢ ᠮᠠᠯᠳᠠᠨ ᠭᠠᠷᠭᠠᠭᠰᠠᠨ ᠳᠤ ᠣᠯᠠᠨ ᠶᠢᠡᠷ ᠶᠢᠡᠨ ᠭᠡᠯᠮᠡᠭ᠍ᠳᠡᠨ ᠰᠠᠠᠳᠤᠷᠴᠤ᠂ ᠰᠤᠩᠭ᠋ᠤᠭᠠᠤᠨ ᠳᠤᠭᠳᠠᠭᠰᠠᠨ ᠭᠠᠵᠠᠷ ᠶᠢᠡᠨ ᠰᠢᠯᠵᠢᠭᠦᠯᠵᠤ ᠪᠣᠯᠬᠤ ᠦᠭᠡᠶ᠂ ᠵᠢᠷᠤᠮᠳᠤ ᠪᠠᠭᠠᠳᠤᠷ ᠤᠨ ᠣᠩᠭ᠋ᠤᠨ ᠢ ᠣᠩᠭᠢᠴᠠᠵᠤ ᠮᠠᠯᠳᠠᠭᠠᠤᠨ ᠨᠠᠩ ᠳᠦᠪᠳᠡᠭᠦ ᠦᠭᠡᠶ ᠳᠤᠯᠠ ᠶᠠᠭᠠᠭᠢᠵᠤ ᠰᠢ᠌ᠦᠡᠪᠦᠷᠢᠯᠡᠭᠦ ᠪᠠᠨ ᠣᠯᠬᠤ ᠦᠭᠡᠶ ᠰᠡᠡᠳᠦᠷᠴᠡᠭᠠᠪᠡ᠃ ᠡᠨᠡ ᠦᠶ᠎ᠡ ᠳ᠋ᠤ ᠨᠢᠭᠡᠨ ᠥᠳᠡᠭᠦᠰ᠄

《ᠶ‍ᠢᠨ ᠰᠢᠶᠠᠨ ᠤ ᠡᠢ᠌ᠮᠤ ᠶᠡᠭᠡ ᠨᠤᠳᠤᠭ ᠳᠡᠪᠢᠰᠭᠡᠷ ᠳᠡᠭᠡᠷ᠎ᠡ ᠡᠴᠡ ᠨᠤᠳᠤᠭ ᠰᠤᠩᠭ᠋ᠤᠭᠠᠤᠨ ᠪᠠᠰᠠ ᠢᠩᠭᠢᠵᠤ ᠬᠠᠷᠭᠤᠨ᠎ᠠ ᠭᠡᠭ᠍ᠴᠢ ᠶ‍ᠢᠷᠳᠢᠠᠴᠤ ᠶᠢᠨ ᠰᠤᠨᠢᠨ ᠣᠴᠠᠷᠠᠯ ᠪᠦᠭᠡᠤᠨ ᠳ᠋ᠸᠪᠠᠵᠠᠨ ᠤ ᠭᠠᠢ᠌ᠬᠠᠯᠳᠠᠢ ᠪᠠᠷᠢᠯᠳᠤᠯᠭ᠎ᠠ ᠪᠠᠢ᠌ᠵᠤ ᠳᠡᠭᠠᠷᠡᠨ᠎ᠡ᠃ ᠲ᠋ᠡᠭᠡᠭᠦ ᠳᠡᠭᠡᠨ ᠡᠳᠡ ᠬᠤᠶᠠᠷ ᠴᠢᠨᠢ ᠪᠦᠷ ᠠᠷᠠᠤᠨ ᠢᠷᠭᠡᠤᠨ ᠤᠨ ᠳᠦᠯᠦᠭᠡ ᠠᠮᠢ ᠪᠠᠨ ᠴᠥᠯᠡᠭ᠍ᠰᠡᠨ ᠭᠦᠮᠤᠨ ᠪᠠᠢ᠌ᠭ᠎ᠠ᠃ 〈ᠯᠢᠶᠠᠩ ᠭᠡᠭᠡᠨ ᠳᠡᠭ᠍ᠷᠢ〉 ᠭᠤᠤᠨᠢ ᠡᠷ᠎ᠡ ᠭᠡᠭᠦᠯᠡᠷ 〈ᠵᠤ ᠵᠢᠷᠤᠮᠳᠤ ᠪᠠᠭᠠᠳᠤᠷ〉 ᠴᠤ ᠦᠬᠢᠨ ᠪᠠᠶ᠎ᠠ ᠳᠤᠯᠠ ᠬᠤᠶᠠᠭᠤᠯᠠ ᠶᠢ ᠬᠤᠷᠢᠮᠯᠠᠭᠤᠯᠵᠤ ᠨᠢᠭᠡ ᠣᠩᠭ᠋ᠤᠨ ᠳᠤ ᠣᠷᠤᠰᠢᠭᠤᠯᠴᠢᠬᠠᠪᠠᠯ ᠶᠡᠭᠡ ᠰᠠᠢ᠌ᠨ ᠣᠴᠢᠷ ᠪᠢᠰᠢᠤ︖》 ᠭᠡᠰᠡᠨ ᠳᠤ᠂ ᠣᠯᠠᠨ ᠶᠢᠡᠷ ᠶᠢᠡᠨ ᠰᠠᠢ᠌ᠰᠢᠶᠠᠨ ᠵᠦᠪᠰᠢᠶᠠᠷᠠᠵᠤ᠂ ᠭᠠᠬᠠᠢ ᠨᠢᠳᠤᠯᠠᠨ ᠳᠠᠭᠢᠶ᠎ᠠ ᠨᠤᠭᠤᠰᠤᠯᠠᠵᠤ ᠭᠢᠳᠠᠤᠨ ᠤᠨ ᠶᠤᠰᠤ ᠪᠠᠷ ᠰᠦᠷ ᠳᠡᠯᠡᠢ᠌ᠴᠢᠳᠡᠢ 《ᠡᠷᠯᠢᠭ᠌ ᠤᠨ ᠬᠤᠷᠢᠮ ᠤᠨ ᠶᠤᠰᠤᠯᠠᠯ》 ᠶᠠᠪᠣᠭᠤᠯᠤᠭᠠᠤᠨ ᠬᠤᠶᠠᠭᠤᠯᠠ ᠶᠢ ᠬᠠᠮᠳᠤ ᠳ᠋ᠤᠨᠢ ᠣᠷᠤᠰᠢᠭᠤᠯᠤᠭᠰᠠᠨ ᠪᠠᠢ᠌ᠪᠡ᠃ ᠡᠨᠡ ᠴᠤᠬᠤᠮ ᠭᠦ ᠳᠡᠦᠭᠡᠨ ᠳᠤ ᠬᠤᠪᠣᠷᠬᠠᠨ ᠭᠠᠷᠬᠤ 《ᠮᠢᠩᠭ᠋ᠠᠨ ᠣᠨ ᠠᠯᠤᠰᠯᠠᠭᠰᠠᠨ ᠣᠷᠤᠭ》 ᠪᠣᠯᠤᠭᠰᠠᠨ ᠪᠢᠯᠠ᠃

ᠡᠨᠡ ᠶᠠᠪᠣᠳᠠᠯ ᠢᠩᠭᠢᠭᠡᠤᠨ ᠥᠩᠭᠡᠷᠡᠵᠤ᠂ ᠡᠤᠨ ᠵᠢᠯ ᠣᠯᠠᠷᠢᠬᠤ ᠪᠠᠷ ᠶᠢᠡᠨ ᠣᠯᠠᠷᠢᠭᠠᠤᠨ ᠳᠡᠦᠭᠡ ᠶᠢᠨ ᠣᠷᠤᠰᠬᠠᠯ ᠲᠦᠷᠦ ᠶᠢᠨ ᠳᠦᠷᠪᠠᠭᠡᠨ ᠳᠤ ᠠᠯᠢ ᠣᠯᠠᠨ ᠥᠩᠭᠡᠷᠡᠭ᠍ᠰᠡᠨ ᠣᠴᠢᠷ ᠵᠡᠭᠦᠳᠤ ᠵᠡᠷᠭᠡᠯᠭᠡᠨ ᠰᠢᠭ᠌ ᠵᠠᠮᠬᠠᠷᠠᠬᠤ ᠳᠤ᠂ ᠯᠢᠶᠠᠩ ᠵᠤ ᠶᠢᠨ ᠥᠯᠢᠭᠡᠷ ᠬᠠᠷᠢᠨ ᠠᠷᠠᠤᠨ ᠤᠨ ᠰᠠᠤᠠᠭᠢᠯ ᠳᠤ ᠭᠦᠨ ᠥᠡᠳᠦᠰᠦᠯᠡᠭᠡᠤᠨ ᠨᠠᠪᠴᠢ ᠨᠠᠮᠠᠭ᠎ᠠ ᠣᠷᠭᠤᠵᠤ᠂ ᠣᠷᠳᠤ ᠮᠦᠷᠠᠨ ᠤ ᠡᠮᠦᠨ᠎ᠡ ᠣᠮᠠᠷ᠎ᠠ ᠥᠷᠭᠡᠨ ᠠᠭᠤᠳᠠᠮ ᠳᠤᠮᠳᠠᠳᠤ ᠶᠢᠨ ᠭᠠᠵᠠᠷ ᠪᠦᠭᠦᠨ ᠳᠤ ᠪᠣᠳᠠᠯᠠᠨ ᠴᠡᠴᠡᠭᠯᠡᠭ᠍ᠰᠡᠨ ᠪᠠᠢ᠌ᠵᠠᠢ᠃ ᠦᠨᠡᠨ ᠳᠡᠭᠡᠨ ᠵᠢᠷᠤᠮᠳᠤ ᠪᠠᠭᠠᠳᠤᠷ ᠴᠢᠭ᠍ᠴᠢ ᠵᠢᠦᠡᠭᠦᠯᠳᠡᠨ ᠤ ᠭᠡᠷᠡᠯᠳᠤ ᠭᠦᠰᠢᠶ᠎ᠡ ᠪᠠᠢ᠌ᠵᠤ ᠪᠠᠢ᠌ᠳᠠᠯ᠎ᠠ᠂ ᠠᠷᠠᠤᠨ ᠣᠯᠠᠨ ᠤ 《ᠭᠦᠷᠦᠮᠡᠯᠯᠡᠭ᠍ᠰᠡᠨ》 ᠴᠡᠴᠡᠭ᠌ ᠤᠨ ᠴᠠᠭᠠᠷᠢᠭ ᠲᠤ ᠪᠣᠯᠠᠭᠳᠠᠵᠤ᠂ ᠵᠤᠵᠠᠭᠠᠨ ᠬᠠᠢ᠌ᠷ᠎ᠠ ᠭᠦᠨ ᠳᠤᠷᠠᠯᠠᠯ ᠤᠨ ᠣᠶᠠᠩᠭ᠋᠎ᠠ ᠮᠠᠭᠳᠠᠭᠤ ᠪᠣᠯᠤᠭᠠᠤᠨ ᠬᠤᠪᠢᠷᠡᠴᠢᠬᠠᠵᠡᠢ᠃ ᠲ᠋ᠡᠭᠡᠭᠡᠤᠨ ᠴᠢᠯᠦᠭᠡᠳᠤ ᠢᠨᠠᠭᠯᠠᠯ ᠢ ᠭᠦᠭᠡᠭᠡᠴᠡᠯᠳᠦᠭᠦ ᠭᠦᠰᠡᠯ ᠤᠨ ᠳᠢᠳᠠᠮ ᠶᠢᠡᠨ ᠯᠢᠶᠠᠩ ᠵᠤ ᠬᠤᠶᠠᠷ ᠲᠤ ᠵᠡᠭᠦᠯᠭᠡᠵᠤ᠂ ᠡᠭᠦᠷᠢᠳᠡ ᠪᠠᠯᠠᠷᠠᠰᠢ ᠦᠭᠡᠶ ᠭᠠᠪᠢᠶ᠎ᠠ ᠵᠢᠦᠡᠭᠦᠯ ᠢ ᠨᠢ ᠬᠠᠯᠬᠠᠯᠠᠭᠰᠠᠨ ᠨᠢ ᠳᠤᠩ ᠬᠠᠷᠠᠮᠰᠠᠯᠳᠠᠢ ᠪᠢᠯᠡ᠃ ᠲ᠋ᠡᠭᠡᠭᠦ ᠳᠤ ᠣᠮᠠᠷᠠᠳᠤ ᠣᠷᠤᠨ ᠤ ᠨᠡᠭᠦᠳᠡᠯᠴᠢᠨ ᠢ ᠪᠠᠭᠳᠠᠭᠠᠬᠤ ᠦᠭᠡᠶ ᠪᠠᠷ᠂ ᠲ᠋ᠤᠮᠳᠠᠳᠤ ᠣᠷᠤᠨ ᠤ ᠰᠢᠶᠠᠨ ᠤ ᠳᠠᠰ ᠤᠨ ᠵᠠᠰᠠᠭ ᠵᠠᠭᠢᠷᠭᠠᠨ ᠤ ᠪᠠᠢ᠌ᠭᠤᠯᠤᠮᠵᠢ ᠶᠢ ᠭᠡᠳᠤᠨ ᠵᠠᠭᠤ ᠪᠠᠷ ᠳᠤᠭᠠᠯᠠᠭᠠᠤᠨ ᠪᠠᠷᠠᠬᠤ ᠶᠠᠭᠤᠮ᠎ᠠ ᠪᠢᠰᠢ᠃ ᠭᠠᠭᠴᠡᠭᠦ ᠮᠢᠩ ᠴᠢᠩ ᠬᠤᠶᠠᠷ ᠲᠦᠷᠦ ᠣᠷᠤᠰᠢᠭᠰᠠᠨ ᠳᠠᠪᠤᠨ ᠵᠠᠭᠤ ᠢᠯᠡᠭᠦᠤ ᠵᠢᠯ ᠳᠤ ᠭᠡᠳᠥᠢᠴᠢᠨᠡᠨ ᠰᠢᠶᠠᠨ ᠤ ᠮᠡᠳᠡᠭᠴᠢ ᠰᠤᠯᠢᠭᠰᠠᠨ ᠢ ᠪᠦᠷᠢᠦᠡᠭᠡᠭᠦ ᠳᠤ ᠭᠦᠴᠢᠷᠳᠡᠢ᠃ ᠭᠡᠳᠡᠯ᠎ᠡ ᠯᠢᠶᠠᠩ ᠱᠠᠨ ᠪᠦᠸᠧ ᠠᠳᠠᠯᠢ ᠠᠷᠠᠤᠨ ᠤᠨ ᠰᠠᠤᠠᠭᠢᠯ ᠳᠤ ᠮᠥᠩᠭᠡᠷᠡᠭ᠍ᠰᠡᠨ ᠭᠦᠮᠤᠨ ᠭᠡᠳᠤ ᠭᠠᠷᠪᠡ︖ ᠭᠦᠮᠤᠨ ᠭᠡᠳᠡᠭ᠌ ᠠᠮᠢᠳᠠᠨ ᠨᠤᠶᠠᠨ ᠳᠤᠰᠢᠶᠠᠯ ᠳᠤ ᠳᠠᠪᠰᠢᠮᠠᠭᠴᠠ ᠦᠪᠡᠷ ᠤᠨ ᠶᠠᠭᠠᠭᠢᠵᠤ ᠢᠷᠡᠭ᠍ᠰᠡᠨ ᠶᠢᠡᠨ ᠮᠡᠳᠡᠭᠦ ᠦᠭᠡᠶ᠂ ᠨᠠᠩ ᠴᠤ ᠶᠠᠭᠤ ᠭᠢᠭᠦ ᠪᠠᠨ ᠳᠠᠭ ᠮᠠᠷᠳᠠᠭᠠᠤᠨ ᠦᠪᠡᠷ ᠢ ᠪᠠᠨ ᠠᠷᠠᠤᠨ ᠲᠦᠮᠡᠨ ᠤ ᠭᠦᠵᠦᠭᠦᠨ ᠳᠡᠭᠡᠷ᠎ᠡ ᠣᠨᠤᠭᠰᠠᠨ 《ᠯᠤᠦᠶ‍ᠧ》 ᠪᠦᠯᠴᠢᠭᠡᠭᠰᠡᠨ ᠰᠢᠭ ᠪᠣᠳᠤᠳᠠᠭ ᠪᠠᠢ᠌ᠨ᠎ᠡ᠃ ᠲ᠋ᠡᠭᠡᠭᠡᠤᠨ ᠨᠤᠶᠠᠨ ᠳᠤᠰᠢᠶᠠᠯ ᠢ ᠠᠷᠠᠤᠨ ᠶᠢᠡᠨ ᠱᠤᠯᠤᠬᠤ ᠭᠢᠳᠤᠭ᠎ᠠ ᠪᠣᠯᠭᠠᠨ ᠠᠰᠢᠭᠯᠠᠵᠤ᠂ ᠪᠢᠯᠳᠠᠤᠴᠢ ᠤᠳ ᠤᠨ ᠡᠷᠭᠦᠵᠤ ᠮᠠᠭᠳᠠᠬᠤ ᠳᠠᠭᠤᠨ ᠳᠤ ᠰᠠᠤᠠᠭᠢᠯ ᠭᠦᠪᠭᠡᠯᠵᠡᠨ᠂ ᠵᠡᠪᠰᠢᠭᠴᠢᠳ ᠤᠨ ᠡᠷᠭᠦᠯ ᠪᠠᠷᠢᠴᠠᠨ ᠳᠤ ᠣᠪᠣᠭ ᠳᠡᠭᠡᠳᠦᠰ ᠶᠢᠡᠨ ᠮᠠᠷᠳᠠᠭᠠᠤᠨ ᠬᠠᠤᠯᠢ ᠶᠢ ᠣᠭᠤᠷᠤᠨ ᠬᠤᠪᠢ ᠪᠠᠨ ᠪᠣᠷᠳᠤᠬᠤ ᠣᠬᠠᠭᠠᠨ ᠪᠢᠰᠢᠯᠭᠠᠬᠤ ᠪᠣᠯᠴᠢᠬᠠᠳᠠᠭ ᠪᠠᠢ᠌ᠨ᠎ᠠ᠃ ᠪᠢ ᠰᠤᠮᠤ ᠳᠤᠭᠤᠷᠢᠭ ᠡᠴᠡ ᠪᠠᠨ ᠬᠤᠯᠠᠳᠠᠭ᠎ᠠ ᠦᠭᠡᠶ ᠪᠣᠯᠬᠤᠷ ᠬᠤᠰᠢᠭᠤᠨ ᠤ ᠨᠤᠶᠠᠤᠨ ᠶᠠᠭᠠᠭᠢᠵᠤ ᠳᠦᠷᠢᠯᠡᠭᠦ ᠶᠢ ᠰᠠᠢ᠌ᠨ ᠮᠡᠳᠡᠭᠦ ᠦᠭᠡᠶ᠂ ᠮᠢᠨᠤ ᠰᠠᠭᠤᠷᠢᠰᠢᠭᠰᠠᠨ ᠭᠠᠵᠠᠷ ᠲᠤ ᠯᠠ ᠵᠥᠭ᠌ ᠲᠡᠶ ᠭᠡᠳᠤᠨ ᠰᠠᠢ᠌ᠨ 《ᠨᠤᠶᠠᠨ》 ᠭᠠᠷᠤᠭᠰᠠᠨ ᠦᠭᠡᠶ ᠪᠦᠭᠡᠤᠨ᠂ ᠡᠷᠭᠡ ᠳᠤᠰᠢᠶᠠᠯ ᠶᠢᠡᠨ ᠠᠰᠢᠭᠯᠠᠵᠤ ᠰᠤᠮᠤᠨ ᠤ ᠨᠤᠳᠤᠭ ᠶᠢᠡᠨ ᠬᠤᠳᠠᠯᠳᠤᠨ ᠪᠠᠶ᠎ᠠ ᠪᠠᠨ ᠪᠣᠷᠳᠤᠭᠰᠠᠨ ᠵᠢᠱᠢᠶ᠎ᠠ ᠯᠠ ᠢᠯᠠ ᠬᠠᠷᠠᠭᠳᠠᠵᠤ ᠪᠠᠢ᠌ᠨ᠎ᠠ᠃ ᠣᠳᠠᠵᠤ ᠣᠳᠠᠭᠠᠤᠨ ᠨᠢᠭᠡ ᠬᠠᠤᠯᠢ ᠶᠢᠨ ᠳᠤᠤᠷ ᠲᠤ ᠣᠨᠠᠬᠤ ᠭᠦᠮᠤᠨ ᠭᠠᠷᠳᠠᠭ ᠪᠣᠯᠪᠠᠴᠤ ᠳᠠᠷᠠ ᠨᠢ ᠬᠤᠪᠳᠤᠭ ᠨᠢ ᠭᠡᠳᠦᠷᠡᠭᠡᠤᠨ ᠵᠠᠯᠭᠢᠵᠤ ᠣᠷᠤᠭᠤᠯᠤᠭᠰᠠᠨ ᠶᠢᠡᠨ ᠪᠦᠭᠡᠯᠵᠢᠨ ᠭᠠᠷᠭᠠᠭᠠᠤᠨ ᠳᠡᠭᠡᠷᠡᠭᠢ ᠨᠤᠶᠠᠤᠨ ᠶᠢᠡᠨ ᠬᠠᠬᠤᠤᠯᠢᠳᠠᠭᠰᠠᠨ ᠦᠭᠡᠶ ᠡᠴᠡ ᠪᠤᠯᠤᠭᠰᠡᠨ ᠠᠵᠢ᠃

ᠵᠤ ᠶ‍ᠢᠩ ᠲᠡᠶ ᠶᠢᠨ ᠴᠠᠭ ᠦᠶ᠎ᠡ ᠥᠩᠭᠡᠷᠡᠨ ᠡᠴᠢᠭᠡᠤᠨ ᠨᠢᠭᠡ᠊ᠨᠳᠡ ᠮᠢᠩᠭ᠋᠎ᠠ ᠳᠠᠪᠤᠨ ᠵᠠᠭᠤᠨ ᠣᠨ ᠪᠤᠯᠤᠯ᠎ᠡ᠃ ᠡᠨᠡ ᠬᠤᠭᠤᠷᠤᠠᠳᠤ ᠠᠷᠠᠤᠨ ᠤᠨ ᠳᠦᠯᠦᠭᠡ ᠠᠷᠢᠭᠤᠨ ᠪᠠᠶ᠎ᠠ ᠪᠠᠨ ᠴᠥᠯᠡᠳᠡᠭ᠌ ᠣᠯᠠᠭᠠᠨ ᠡᠩᠭᠡᠰᠭ᠍ᠡᠳᠡᠨ ᠭᠡᠳᠤ ᠶᠢ ᠳᠤᠭᠤᠯᠪᠠ︖ ᠣᠷᠳᠤ ᠣᠳᠠᠭᠠᠨ ᠳᠡᠦᠭᠡ ᠶᠢᠨ ᠣᠷᠴᠢᠯᠳᠠ ᠳᠤ ᠭᠦᠮᠤᠨ ᠲᠦᠷᠦᠯᠭᠢᠳᠠᠨ ᠪᠣᠯ ᠨᠢᠭᠡᠯᠡ ᠵᠢᠯ ᠤᠨ ᠡᠪᠠᠰᠤ ᠰᠢᠭ᠌ ᠶᠠᠯᠢᠮ ᠦᠭᠡᠶ ᠥᠴᠦᠭᠡᠨ ᠪᠠᠢ᠌ᠵᠤ᠂ ᠭ᠍ᠱᠡᠨ ᠵᠠᠭᠤᠷ᠎ᠠ ᠶᠢᠨ ᠬᠤᠭᠤᠷᠤᠠᠳᠤ ᠬᠤᠪᠬᠠᠢ᠌ᠷᠠᠨ ᠢᠯᠵᠢᠷᠡᠴᠢᠳᠡᠭ᠌ ᠪᠠᠢ᠌ᠨ᠎ᠡ᠃ ᠲ᠋ᠡᠳᠡᠭᠡᠷ ᠳᠡᠦᠭᠡ ᠶᠢᠨ ᠳᠠᠪᠴᠠᠩ ᠳᠡᠭᠡᠷ᠎ᠡ ᠭᠠᠷ ᠡᠷᠭᠢᠭᠦᠯᠤᠨ ᠰᠢᠳᠤᠷᠭᠤ ᠪᠠᠨ ᠱᠤᠯᠤᠵᠤ ᠰᠢᠮᠨᠤᠰ ᠶᠢᠡᠨ ᠳᠡᠭᠢᠳᠡᠭ 《ᠶᠡᠭᠡ ᠨᠤᠶᠡᠨ》 ᠭᠡᠮᠡᠭ᠍ᠰᠡᠳ ᠣᠳᠤ ᠬᠠᠮᠢᠭ᠎ᠠ ᠪᠠᠢ᠌ᠨ᠎ᠠ ᠪᠤᠢ︖ ᠵᠦᠪᠭᠡᠨ ᠳᠠᠪᠳᠠᠷ ᠰᠤᠳᠤᠷ ᠤᠨ ᠵᠠᠪᠰᠠᠷ ᠡᠴᠡ ᠥᠮᠡᠭᠡᠢ ᠦᠨᠦᠷ ᠨᠢ ᠥᠨᠦᠷᠳᠦᠭᠦ ᠯᠠ ᠳᠠᠳᠤᠢ ᠪᠢᠵᠡ᠃ ᠲ᠋ᠡᠦᠭᠡ ᠪᠣᠯ ᠶᠠᠩ ᠶᠠᠯᠳᠠᠷ ᠦᠭᠡᠶ ᠰᠢᠭᠦᠭ᠍ᠴᠢ ᠪᠣᠯᠤᠨ᠎ᠠ᠂ ᠲ᠋ᠠᠷᠠ ᠡᠷᠭᠡ ᠰᠦᠷ ᠲᠤ ᠰᠦᠷᠳᠠᠵᠤ ᠡᠳ᠋ ᠠᠰᠢᠭ ᠲᠤ ᠳᠠᠳᠠᠭᠳᠠᠬᠤ ᠦᠭᠡᠶ ᠪᠠᠷ ᠴᠢᠨᠤ ᠣᠰᠤᠯ ᠭᠠᠪᠢᠶ᠎ᠠ ᠶᠢ ᠭᠢᠯᠭᠠᠰᠤᠨ ᠳᠠᠳᠤᠢ ᠴᠤ ᠠᠯᠳᠠᠯ ᠦᠭᠡᠶ ᠳᠤᠭᠠᠴᠠᠨ ᠪᠣᠳᠤᠵᠤ ᠣᠯᠪᠠᠰᠤ ᠵᠤᠭᠢᠬᠤ ᠰᠢᠦᠡᠭᠡᠯ ᠳ᠋ᠦ᠋ᠩᠨᠠᠯᠳᠠ ᠶᠢ ᠥᠭ᠍ᠳᠡᠭ᠌ ᠪᠠᠢ᠌ᠨ᠎ᠠ᠃ ᠠᠷᠠᠤᠨ ᠲᠦᠮᠡᠨ ᠳᠤ ᠠᠰᠢᠭᠳᠠᠢ ᠠᠵᠢᠯ ᠭᠢᠭ᠍ᠰᠡᠨ ᠭᠦᠮᠤᠨ ᠡᠭᠡᠯ ᠠᠷᠠᠤᠨ ᠪᠠᠢ᠌ᠯ᠎ᠠ ᠴᠤ ᠲᠦᠮᠡᠨ ᠦᠶ᠎ᠡ ᠣᠯᠠᠮᠵᠢᠯᠠᠵᠤ ᠴᠢᠳᠠᠳᠠᠭ ᠪᠠᠢ᠌ᠬᠤ ᠳᠤ᠂ ᠬᠤᠪᠢᠨ ᠳᠠᠭᠠᠨ ᠬᠤᠮᠢᠵᠤ ᠬᠤᠳᠤᠭᠠᠳᠤᠨ ᠳᠠᠭᠠᠨ ᠴᠢᠭᠢᠳᠡᠭ᠌ ᠶᠡᠭᠡ ᠨᠤᠶᠠᠤᠨ ᠦᠪᠡᠷ ᠶᠢᠡᠨ ᠥᠮᠡᠭᠡᠢ᠌ᠷᠡᠭᠡᠤᠨ ᠵᠤᠭᠰᠤᠬᠤ ᠦᠭᠡᠶ᠂ ᠦᠷ᠎ᠡ ᠬᠣᠢ᠌ᠴᠢᠰ ᠲᠠᠭᠠᠨ ᠴᠤ ᠬᠠᠷᠢᠶᠠᠯ ᠤᠨ ᠦᠷ᠎ᠡ ᠳᠠᠷᠢᠳᠠᠭ ᠡᠡᠵᠢ᠃ ᠡᠭᠦᠨ ᠤ ᠳᠤᠳᠤᠷᠠᠭᠢ ᠡᠴᠢᠨ᠎ᠡ ᠠᠭᠤᠯᠭ᠎ᠠ ᠶᠢ ᠯᠢᠶᠠᠩ ᠱᠠᠨ ᠪᠦᠸᠧ ᠪᠣᠯᠤᠨ ᠮᠠ ᠳᠠᠢ᠌ᠱᠸᠤ ᠶᠢᠨ ᠥᠯᠢᠭᠡᠷ ᠡᠴᠡ ᠣᠬᠠᠮᠰᠠᠷᠯᠠᠵᠤ ᠪᠤᠯᠤᠨ᠎ᠠ᠃ ᠮᠤᠩᠭ᠋ᠤᠯᠴᠦᠳ 《ᠭᠦᠮᠤᠨ ᠭᠠᠷᠪᠠᠯ ᠨᠠᠷ᠎ᠠ ᠪᠠᠨ᠂ ᠭᠠᠯᠠᠭᠤ ᠭᠠᠷᠪᠠᠯ ᠳᠠᠭᠤ ᠪᠠᠨ》 ᠭᠡᠵᠤ ᠶᠠᠭ ᠡᠨᠡ ᠶᠤᠰᠤ ᠶᠢ ᠶᠠᠷᠢᠭᠰᠠᠨ ᠪᠠᠢ᠌ᠨ᠎ᠡ᠃ ᠲ᠋ᠡᠭᠡᠭᠦᠯᠡᠷ ᠭᠠᠭᠴᠠᠬᠦ ᠵᠢᠩᠭᠢᠨᠢ ᠭᠦᠮᠤᠨ ᠤ ᠠᠭᠤᠤ ᠪᠦᠳᠦᠭᠡᠯ ᠠᠷᠤᠤᠬᠠᠨ ᠴᠢᠨᠠᠷ ᠯᠠ ᠰᠠ‍‌ᠶᠢ ᠡᠨᠡ ᠶ‍ᠢᠷᠳᠢᠠᠴᠤ ᠲᠡᠶ ᠡᠩ ᠵᠡᠷᠭᠡᠴᠡᠨ ᠣᠷᠤᠰᠢᠵᠤ ᠴᠢᠳᠠᠳᠠᠭ ᠶᠤᠮᠰᠠᠨ᠃

ᠲ᠋ᠡᠦᠭᠡ ᠭᠦᠭ᠍ᠵᠢᠵᠤ ᠲᠦᠮᠡᠨ ᠳᠠᠪᠰᠢᠭᠠᠤᠨ ᠥᠢᠮᠡᠭᠡᠨ ᠳᠠᠪᠵᠢᠶᠠᠠᠳᠤ ᠬᠤᠷᠢᠨ ᠨᠢᠭᠡᠳᠦᠭᠡᠷ ᠵᠠᠭᠤᠨ ᠤ ᠪᠣᠱᠤᠭ᠎ᠠ ᠶᠢ ᠠᠯᠬᠤᠯ᠎ᠠ᠃  ᠵᠢᠷᠤᠮᠳᠤ ᠪᠠᠭᠠᠳᠤᠷ ᠵᠤ ᠶ‍ᠢᠩ ᠲᠡᠶ ᠶᠢᠨ ᠮᠦᠷ ᠢ ᠮᠦᠷᠳᠠᠵᠤ ᠪᠠᠶᠠᠤᠨ ᠨᠤᠶᠠᠤᠨ ᠢ ᠪᠠᠯᠪᠠᠵᠤ ᠵᠠᠠᠴᠢᠬᠤ ᠦᠭᠡᠶ ᠪᠣᠯᠪᠠᠴᠤ᠂ ᠪᠣᠰᠤᠳ ᠢ ᠠᠪᠣᠷᠠᠬᠤ ᠪᠠᠷ ᠠᠮᠢ ᠪᠠᠶ᠎ᠠ ᠪᠠᠨ ᠴᠥᠯᠡᠭ᠍ᠰᠡᠨ (ᠵᠤᠭᠤᠰ ᠮᠥᠩᠭᠦᠨ ᠤ ᠠᠴᠢ ᠬᠠᠷᠢᠭᠤᠯᠳᠠ ᠰᠠᠨᠠᠳᠠᠭ ᠦᠭᠡᠶ) ᠠᠭᠤᠤᠴᠢ ᠮᠦᠰᠤᠳᠠᠨ ᠣᠯᠠᠨ ᠭᠠᠷᠴᠤ ᠪᠠᠢ᠌ᠬᠤ ᠨᠢ ᠰᠠᠢ᠌ᠨ ᠭᠡᠷᠡᠭ᠌᠃ ᠠᠰᠢᠭᠳᠤ ᠣᠢ᠌ᠯᠠᠰ ᠲᠤ ᠠᠯᠢᠪᠠ ᠪᠠᠨ ᠵᠤᠷᠢᠭᠤᠯᠤᠭᠰᠠᠨ ᠠᠷᠠᠤᠨ ᠤᠨ ᠵᠠᠷᠤᠴᠠ ᠮᠤᠩ ᠦᠭᠡᠶ ᠢᠯᠡᠷᠡᠭ᠍ᠰᠡᠨ ᠨᠢ ᠪᠠᠬᠠᠳᠠᠭᠤᠰᠢᠳᠠᠢ ᠣᠴᠢᠷ᠃ ᠲ᠋ᠠᠳᠠᠨᠤᠰ ᠬᠤᠵᠢᠮ ᠬᠣᠢ᠌ᠰᠢᠳᠠ ᠶᠢᠨ ᠣᠨ ᠵᠢᠯ ᠳᠤ ᠶᠠᠮᠠᠷ ᠨᠢᠭᠡᠨ 《ᠴᠠᠭᠠᠷᠢᠭ ᠳᠢᠳᠡᠮ》  ᠵᠡᠭᠦᠵᠤ ᠮᠡᠳᠡᠭᠦ ᠪᠣᠯᠪᠠᠴᠤ᠂ ᠠᠭᠤᠤ ᠣᠢ᠌ᠯᠠᠰ ᠠᠷᠤᠤᠬᠠᠨ ᠰᠤᠷᠳᠠᠯ ᠨᠢ ᠯᠠᠪᠳᠠᠢ ᠮᠥᠩᠭᠡᠷᠡᠵᠤ ᠥᠯᠡᠳᠡᠭᠦ ᠶᠢ ᠪᠢᠳᠠ ᠢᠳᠡᠭᠡᠨ᠎ᠡ᠃ ᠯᠢᠶᠡᠩ ᠵᠤ ᠶᠢᠨ ᠠᠶᠠᠰ ᠪᠣᠯ ᠡᠢ᠌ᠮᠦᠷᠭᠦᠤ ᠣᠯᠤᠰ ᠲᠤ ᠯᠠ ᠵᠤᠷᠢᠭᠤᠯᠤᠨ ᠵᠤᠬᠢᠶᠠᠭᠳᠠᠭᠰᠠᠨ ᠪᠠᠢ᠌ᠮᠠᠷ ᠶᠤᠮ ᠡ᠃

ᠯᠢᠶᠠᠩ ᠵᠤ ᠶᠢᠨ ᠠᠶᠠᠰ ᠣᠶᠠᠷᠠᠭᠤᠨ ᠠᠳᠠᠯ᠎ᠠ ᠰᠢᠷᠭᠢᠰᠢ ᠦᠭᠡᠶ ᠬᠠᠢ᠌ᠷ᠎ᠠ ᠶᠢᠨ ᠪᠣᠯᠠᠭ ᠣᠷᠭᠢᠯᠵᠤ᠂ ᠠᠷᠠᠤᠨ ᠣᠯᠠᠨ ᠶᠢᠡᠨ ᠠᠰᠠᠷᠠᠨ ᠡᠨᠡᠷᠢᠭᠦ ᠪᠠᠷ ᠣᠢ᠌ᠯᠠᠰ ᠶᠢᠡᠨ ᠪᠣᠯᠭᠠᠭᠰᠠᠤᠨ ᠲᠤ ᠨᠠᠮᠳᠠᠷ ᠴᠠᠳᠢᠭᠯᠠᠵᠤ᠂ ᠢᠨᠠᠭ ᠳᠤᠷᠠᠯᠠᠯ ᠳᠤ ᠦᠨᠡᠠᠴᠢ ᠵᠢᠷᠤᠮ ᠢ ᠪᠠᠷᠢᠮᠳᠠᠯᠠᠭᠰᠠᠤᠨ ᠲᠤ ᠭᠡᠷᠡᠯᠳᠤ ᠭᠦᠰᠢᠶ᠎ᠡ ᠪᠣᠰᠬᠠᠵᠤ ᠥᠭ᠍ᠳᠡᠭ᠌ ᠰᠠᠨ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 8747
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ