ᠨᠡᠪᠲᠡᠷᠡᠨ ᠤᠷᠤᠬᠤ
ᠨᠢ᠋ᠮᠠᠳᠤᠭᠠᠷ ᠪᠦᠯᠦᠭ ᠂ ᠰᠡᠳᠬᠢᠯ ᠳᠤ ᠬᠤᠨᠤᠭᠰᠢᠭᠰᠠᠨ ᠬᠠᠢ᠌ᠷ᠎ᠠ
ᠭᠤᠷᠪᠠᠳᠤᠭᠠᠷ ᠬᠡᠰᠡᠭ ᠂ ᠬᠠᠷᠢᠶᠠᠴᠠᠢ ᠮᠢᠨᠢ ᠬᠤᠷᠳᠤᠨ ᠢᠷᠡᠭᠡᠰᠡᠢ

ᠠᠮᠢᠳᠤᠷᠠᠯ ᠪᠣᠯ ᠳᠠᠷᠤᠢ ᠣᠷᠠᠯᠢᠭ ᠤᠨ ᠪᠦᠳᠦᠭᠡᠭ᠍ᠳᠡᠭᠦᠨ ᠮᠦᠨ᠃ ᠴᠢ ᠦᠪᠡᠷ ᠤᠨ ᠪᠠᠶ᠎ᠠ ᠪᠠᠨ ᠢᠷᠠᠭᠤᠯᠢᠭ ᠭᠦᠭ᠍ᠵᠢᠮ ᠪᠣᠯᠭᠠᠨ ᠨᠤᠲ᠋ᠯᠠᠭᠰᠠᠨ ᠶᠢᠡᠷ ᠪᠠᠷᠠᠬᠤ ᠦᠭᠡᠶ᠂ ᠴᠢᠨᠤ ᠠᠮᠢᠳᠤᠷᠠᠵᠤ ᠳᠡᠮᠡᠴᠡᠭ᠍ᠰᠡᠨ ᠥᠩᠭᠡᠷᠡᠯᠳᠡ ᠴᠢᠨᠢ ᠳᠠᠷᠠ ᠭᠡᠪ ᠶᠢᠡᠷ ᠶᠢᠡᠨ ᠣᠶᠠᠩᠭ᠋᠎ᠠ ᠶᠢᠨ ᠰᠢᠯᠦᠭ᠌ ᠪᠠᠢ᠌ᠵᠤ ᠳᠠᠭᠠᠷᠠᠨ᠎ᠠ᠃


᠊᠊᠊᠊᠊᠊᠊᠊᠊᠊᠊᠊᠊᠊᠊᠊᠊᠊᠊᠊᠊᠊᠊᠊ ᠸᠢᠯᠳᠧ


ᠠᠭᠤᠯᠠ ᠬᠠᠢ᠌ᠷᠬᠠᠨ ᠮᠥᠩᠭᠦᠨ ᠬᠤᠶᠠᠭ ᠭᠡᠳᠦᠷᠡᠭᠡᠤᠨ ᠠᠭᠤᠳᠠᠮ ᠵᠢᠯᠠᠭ᠎ᠠ ᠴᠠᠭᠠᠨ ᠭᠦᠡᠵᠢᠯᠡ ᠪᠠᠨ ᠳᠡᠯᠭᠡᠭᠦᠶ᠎ᠡ᠂ ᠲ᠋ᠡᠭ᠍ᠷᠢ ᠰᠠᠭᠠᠷᠠᠯ ᠥᠩᠭᠡ ᠪᠠᠷ ᠪᠣᠳᠤᠩᠳᠤᠨ ᠣᠮᠠᠷ᠎ᠠ ᠰᠠᠯᠭᠢᠨ ᠬᠠᠰ ᠤᠨ ᠭᠡᠮᠭᠡᠳᠡᠭ᠌ ᠶᠢᠡᠷ ᠬᠣᠢ᠌ᠯᠠᠷᠠᠬᠤ ᠳᠤ᠂ ᠣᠮᠠᠷᠠᠳᠤ ᠣᠷᠤᠨ ᠤ ᠡᠪᠦᠯ ᠤᠨ ᠳᠣᠢ᠌ᠯ ᠬᠠᠭᠢᠷ ᠭᠦᠢᠳᠡᠨ ᠶᠢᠡᠷ ᠶᠢᠡᠨ ᠶᠠᠰᠤ ᠨᠠᠪᠳᠠᠷᠠᠮ᠎ᠠ ᠪᠠᠢ᠌ᠳᠠᠭ ᠠᠵᠢ᠃ ᠪᠢ ᠣᠯᠠᠢ᠌ᠰᠬᠤ ᠵᠤᠤᠬᠠᠨ ᠤ ᠳᠦᠷᠡᠯᠵᠡᠭᠦ ᠭᠠᠯ ᠢ ᠰᠢᠷᠳᠡᠨ᠂ ᠭᠡᠷ ᠤᠨ ᠭᠠᠳᠠᠨᠠᠭᠢ ᠢᠰᠭᠢᠷᠭᠦ ᠰᠢᠭᠤᠷᠭᠠᠨ ᠢ ᠴᠢᠩᠨᠠᠭᠰᠠᠭᠠᠷ ᠢᠵᠢᠯᠳᠤᠵᠤ ᠳᠠᠰᠤᠯᠴᠠᠭᠰᠠᠨ ᠣᠷᠠᠨ ᠬᠠᠷᠢᠶᠠᠴᠠᠢ ᠪᠠᠨ ᠳᠡᠰᠭᠡᠯ ᠦᠭᠡᠶ ᠰᠠᠨᠠᠭᠠᠯᠵᠠᠯ᠎ᠠ᠃

ᠮᠠᠨ ᠤ ᠨᠤᠳᠤᠭ ᠤᠨ ᠵᠤᠨ᠂ ᠬᠠᠪᠣᠷ ᠤᠨ ᠬᠠᠷ᠎ᠠ ᠰᠢᠭᠤᠷᠭ᠎ᠠ ᠶᠢ ᠳᠠᠭᠠᠮᠠᠭᠠᠢ ᠳᠤᠭᠤᠯᠵᠤ ᠳᠤᠩ ᠣᠷᠣᠢ᠌ᠬᠠᠨ ᠢᠷᠡᠳᠡᠭ᠌ ᠪᠢᠯᠡ᠃ ᠡᠨᠡ ᠦᠶᠡᠰ ᠠᠭᠤᠯᠠ ᠳᠠᠯ᠎ᠠ ᠴᠠᠯ ᠨᠤᠭᠤᠭᠠᠷᠠᠨ ᠭᠦᠢᠯᠡᠰᠤᠨ ᠴᠡᠴᠡᠭ᠌ ᠵᠤᠯᠭᠠᠷᠠᠨ ᠭᠡᠢ᠌ᠰᠴᠤ᠂ ᠴᠡᠴᠡᠭ᠌ ᠤᠨ ᠳᠠᠯᠪᠢ ᠳ᠋ᠤᠨᠢ ᠰᠢᠰᠢᠨ ᠮᠥᠭᠦᠯᠢᠭ᠌ ᠴᠢᠨᠡᠭᠡᠨ ᠭᠦᠢᠯᠡᠰᠤ ᠪᠣᠮᠪᠠᠢ᠌ᠵᠠᠢ᠃ ᠣᠷᠢᠬᠠᠨ ᠰᠠᠯᠭᠢ ᠦᠶ᠎ᠡ ᠦᠶ᠎ᠡ ᠵᠥᠭᠡᠯᠡᠨ ᠢᠯᠪᠢᠵᠤ᠂ ᠥᠷᠭᠡᠨ ᠳᠠᠯ᠎ᠠ ᠠᠭᠤᠳᠠᠮ ᠭᠦᠡᠳᠡᠢ ᠪᠠᠷ ᠨᠢᠷᠤᠭᠤ ᠪᠠᠨ ᠳᠡᠨᠡᠢ᠌ᠯᠭᠡᠭ᠍ᠰᠡᠨ ᠠᠳᠤᠭᠤᠨ ᠰᠥᠷᠦᠭ᠌ ᠢ ᠵᠡᠷᠭᠡᠯᠭᠡᠨ ᠶᠠᠭ ᠭᠦᠳᠡᠯᠭᠡᠡᠳᠤ ᠵᠢᠷᠤᠭ ᠰᠢᠭ ᠵᠢᠷᠢᠯᠵᠡᠭᠦᠯᠦᠨ᠎ᠡ᠃ ᠴᠡᠩᠭᠡᠷ ᠣᠭᠳᠠᠷᠭᠤᠢ ᠳᠡᠭᠡᠷ᠎ᠡ ᠭᠡᠰᠡᠭ᠌ ᠭᠡᠰᠡᠭ᠌ ᠭᠦᠪᠦᠩ ᠴᠠᠭᠠᠨ ᠡᠭᠦᠯᠡᠰ ᠭᠦᠪᠪᠦᠯᠵᠡᠵᠤ ᠪᠠᠢ᠌ᠭᠰᠠᠨ ᠡᠴᠡ ᠪᠠᠨ ᠭᠢᠩᠭ᠋ᠠᠨ ᠰᠠᠷᠢᠳᠠᠭ ᠤᠨ ᠣᠷᠤᠢ ᠡᠴᠡ ᠪᠠᠭᠰᠢᠷᠠᠭᠰᠠᠨ ᠪᠠᠷᠠᠭᠠᠨ ᠡᠭᠦᠯᠡ ᠣᠷᠭᠤᠨ ᠭᠠᠷᠴᠤ᠂ ᠢᠳᠡᠭ᠌ ᠢᠳᠡᠭ᠌ ᠶᠢᠡᠷ ᠦᠰᠦᠨ ᠳᠤᠮᠤᠭᠠᠷᠠᠭᠰᠠᠭᠠᠷ ᠬᠠᠭᠠᠰ ᠳᠡᠭ᠍ᠷᠢ ᠶᠢ ᠪᠦᠷᠭᠦᠵᠤ ᠢᠷᠡᠭᠦᠶ᠎ᠡ ᠨᠡᠮᠭᠡᠭᠦᠨ ᠵᠥᠭᠡᠯᠡᠨ ᠬᠠᠪᠣᠷ ᠤᠨ ᠬᠤᠷ᠎ᠠ ᠠᠶᠠᠷᠬᠠᠨ ᠰᠢᠪᠠᠷᠡᠵᠤ᠂ ᠡᠭᠦᠯᠡᠰ ᠤᠨ ᠴᠤᠭᠤᠷᠬᠠᠢ ᠪᠠᠷ ᠰᠠᠳᠠᠷᠠᠭᠰᠠᠨ ᠨᠠᠷᠠᠨ ᠤ ᠰᠠᠴᠤᠷᠠᠭ ᠳᠡᠭ᠍ᠷᠢ ᠭᠠᠵᠠᠷ ᠢ ᠵᠢᠱᠢᠭᠦᠤ ᠱᠤᠭᠤᠮ ᠶᠢᠡᠷ ᠬᠤᠯᠪᠣᠵᠠᠢ᠃ ᠰᠢᠨ᠎ᠠ ᠰᠤᠷᠭᠤᠭ ᠴᠢᠭᠢᠭ᠌ ᠠᠮᠢᠰᠬᠤᠯ ᠬᠠᠮᠠᠷ ᠴᠤᠷᠭᠢᠨ ᠴᠡᠭᠡᠵᠢ ᠶᠢ ᠳᠠᠯᠪᠢᠷᠠᠭᠤᠯᠵᠤ᠂ ᠴᠠᠭ ᠤᠨ ᠬᠤᠷ᠎ᠠ ᠪᠠᠨ ᠭᠦᠷᠳᠡᠭ᠍ᠰᠡᠨ ᠨᠢᠷᠠᠢ ᠡᠪᠠᠰᠤ ᠣᠯᠠᠮ ᠰᠡᠷᠮᠡᠭᠦᠵᠢᠨ ᠨᠤᠭᠤᠭᠠᠷᠠᠨ᠎ᠠ᠃ ᠡᠨᠡ ᠦᠶᠡᠰ ᠬᠠᠮᠢᠭ᠎ᠠ ᠡᠴᠡ ᠢᠷᠡᠭ᠍ᠰᠡᠨ ᠢ ᠮᠡᠳᠡᠭᠦ ᠦᠭᠡᠶ᠂ ᠭᠡᠳᠤᠨ ᠬᠤᠤᠰ ᠣᠷᠠᠨ ᠬᠠᠷᠢᠶᠠᠴᠠᠢ ᠬᠠᠭᠠᠯᠭ᠎ᠠ ᠴᠤᠩᠬᠤ ᠪᠠᠷ ᠨᠢᠰᠤᠨ ᠣᠷᠤᠵᠤ ᠢᠷᠡᠭᠡᠤᠨ ᠭᠡᠷ ᠤᠨ ᠳᠡᠭᠡᠪᠦᠷ ᠢ ᠳᠤᠭᠣᠢ᠌ᠯᠠᠨ ᠨᠢᠰᠴᠤ ᠣᠶᠠᠬᠠᠨ ᠳᠠᠭᠤ ᠪᠠᠷ ᠵᠢᠷᠭᠢᠨ ᠱᠤᠯᠤᠭᠠᠨᠠᠬᠤ ᠶᠤᠮ᠃

《ᠬᠠᠷᠢᠶᠠᠴᠠᠢ ᠢᠷᠡᠴᠢᠭᠡᠯ᠎ᠡ᠂ ᠬᠠᠷᠢᠶᠠᠴᠠᠢ ᠢᠷᠡᠴᠢᠭᠡᠯ᠎ᠡ︕》 ᠭᠡᠵᠤ ᠭᠡᠦᠭᠡᠤᠨ ᠱᠤᠤᠭᠢᠯᠳᠤᠬᠤ ᠳᠤ᠂ ᠣᠷᠢᠨ ᠳᠤᠯᠠᠭᠠᠨ ᠣᠯᠠᠷᠢᠯ ᠨᠢᠭᠡ᠊ᠨᠳᠡ ᠭᠦᠷᠦᠭᠡᠤᠨ ᠢᠷᠡᠭ᠍ᠰᠡᠨ ᠢ ᠰᠠ‍‌ᠶᠢ ᠮᠡᠳᠡᠭ᠍ᠰᠡᠨ ᠰᠢᠭ᠌ ᠭᠡᠷ ᠤᠨ ᠭᠦᠮᠦᠰ ᠤᠨ ᠴᠢᠷᠠᠢ ᠳᠡᠭᠡᠷ᠎ᠡ ᠪᠠᠶᠠᠷ ᠤᠨ ᠮᠦᠰᠢᠶᠠᠳᠤ ᠳᠤᠳᠦᠷᠡᠯ᠎ᠡ᠃ ᠡᠵᠢ᠄

《ᠭᠦᠭᠡᠷᠦᠭᠦᠢ ᠬᠠᠷᠢᠶᠠᠴᠠᠢ ᠨᠤᠭᠤᠳ ᠡᠭᠦᠷ ᠪᠠᠷᠢᠬᠤ ᠭᠠᠵᠠᠷ ᠶᠢᠡᠨ ᠡᠷᠢᠵᠤ ᠪᠠᠢ᠌ᠨ᠎ᠠ ᠰᠢᠤ᠃ ᠭᠦᠤ ᠮᠢᠨᠢ ᠰᠠᠪᠠ ᠰᠠᠭᠠᠯᠢ ᠡᠴᠡ ᠵᠠᠢ᠌ᠳᠠᠭᠤᠬᠠᠨ ᠭᠠᠵᠠᠷ ᠰᠠᠭᠤᠳᠠᠯ ᠵᠤᠬᠢᠶᠠᠭᠠᠤᠨ ᠥᠭ᠌》 ᠭᠡᠯ᠎ᠡ᠃ ᠪᠢ ᠭᠡᠳᠤᠨ ᠭᠡᠰᠡᠭ᠌ ᠠᠯᠠᠭᠠᠨ ᠭᠢᠷᠢ ᠮᠤᠳᠤᠨ ᠬᠠᠪᠳᠠᠰᠤ ᠣᠭᠳᠤᠯᠵᠤ ᠬᠠᠨᠠᠨ ᠳᠡᠭᠡᠷ᠎ᠡ ᠪᠠᠭᠢᠯᠠᠨ ᠬᠠᠳᠠᠵᠤ ᠥᠭ᠍ᠴᠡᠢ᠃ ᠭᠡᠳᠤᠨ ᠡᠳᠦᠷ ᠤᠨ ᠳᠠᠷᠠᠭ᠎ᠠ ᠥᠵᠡᠭᠦ ᠳᠤ᠂ ᠮᠢᠨᠤ ᠵᠤᠬᠢᠶᠠᠭᠰᠠᠨ ᠮᠤᠳᠤᠨ ᠳᠡᠭᠡᠷ᠎ᠡ ᠭᠡᠳᠥᠢᠨᠡᠢ ᠬᠤᠷᠤᠭᠤ ᠭᠢᠷᠢ ᠪᠣᠰᠤᠭ᠎ᠠ ᠳᠤᠭᠣᠢ᠌ᠯᠠᠭᠰᠠᠨ ᠰᠢᠪᠠᠷ ᠰᠠᠭᠤᠷᠢ ᠪᠣᠰᠬᠠᠭᠰᠠᠨ ᠪᠠᠢ᠌ᠵᠠᠢ᠃ ᠪᠢ ᠬᠠᠷᠢᠶᠠᠴᠠᠢ ᠶᠢᠨ ᠠᠵᠢᠯᠰᠠᠭ ᠣᠷᠠᠨ ᠢ ᠬᠠᠷᠠᠭᠰᠠᠭᠠᠷ ᠪᠠᠢ᠌ᠵᠤ᠂ ᠭᠦᠮᠤᠨ ᠲᠦᠷᠦᠯᠭᠢᠳᠠᠨ ᠤ ᠪᠠᠢ᠌ᠰᠢᠩ ᠭᠡᠷ ᠪᠠᠷᠢᠵᠤ ᠴᠢᠳᠠᠭᠰᠠᠨ ᠨᠢ ᠯᠠᠪᠳᠠᠢ ᠬᠠᠷᠢᠶᠠᠴᠠᠢ ᠶᠢ ᠳᠠᠭᠤᠷᠢᠶᠠᠵᠤ ᠰᠠᠷᠠᠯᠳᠠ ᠣᠯᠤᠭᠰᠠᠨ ᠤ ᠳ᠋ᠦ᠋ᠩ ᠪᠣᠯᠬᠤ ᠶᠢ ᠢᠳᠡᠭᠡᠵᠡᠢ᠃ ᠬᠠᠷᠢᠨ ᠬᠠᠷᠢᠶᠠᠴᠠᠢ ᠭᠦᠮᠤᠨ ᠢ ᠳᠠᠭᠤᠷᠢᠶᠠᠯ᠎ᠠ ᠭᠡᠭᠦ ᠶᠤᠮ ᠪᠣᠯ ᠱᠠᠯ ᠬᠤᠳᠠᠯ ᠵᠤᠭᠤᠭ ᠪᠣᠯᠤᠨ᠎ᠠ᠂ ᠣᠴᠢᠷ ᠨᠢ ᠬᠠᠷᠢᠶᠠᠴᠠᠢ ᠳᠤ ᠭᠦᠮᠤᠨ ᠡᠴᠡ ᠰᠤᠷᠤᠯᠴᠠᠬᠤ ᠭᠦᠭ᠍ᠵᠢᠭ᠍ᠰᠡᠨ ᠳᠠᠷᠢᠭᠢ ᠪᠠᠢ᠌ᠬᠤ ᠦᠭᠡᠶ᠃ ᠬᠠᠷᠢᠶᠠᠴᠠᠢ ᠪᠣᠯ ᠳᠣᠢ᠌ᠯ ᠤᠨ ᠡᠶᠡᠪᠠᠷᠭᠦᠤ ᠨᠠᠢ᠌ᠷᠠᠮᠳᠠᠭᠤ ᠰᠢᠪᠠᠭᠤ ᠪᠦᠭᠡᠤᠨ ᠪᠣᠰᠤᠳ ᠰᠢᠪᠠᠭᠤ ᠲᠡᠶ ᠬᠠᠯᠳᠠᠬᠤ ᠦᠭᠡᠶ᠂ ᠦᠪᠡᠷ ᠡᠴᠡ ᠨᠢ ᠪᠠᠭᠤᠷᠠᠢ ᠵᠢᠭᠦᠷᠳᠡᠨ ᠢ ᠳᠠᠷᠤᠯᠠᠬᠤ ᠦᠭᠡᠶ ᠪᠠᠢ᠌ᠵᠤ᠂ ᠡᠷᠡᠭ᠍ᠴᠢᠨ ᠡᠮᠡᠭ᠍ᠴᠢᠨ ᠡᠭᠡᠯᠵᠢᠯᠡᠨ ᠥᠡᠳᠡᠭᠡ ᠪᠠᠨ ᠳᠠᠷᠤᠵᠤ ᠬᠠᠯᠠᠭᠤᠨ ᠳᠤᠳᠤᠨᠤᠰᠤᠭ ᠶᠢᠡᠷ ᠬᠠᠨᠢᠯᠠᠨ ᠠᠮᠢᠳᠤᠷᠠᠳᠠᠭ ᠪᠠᠢ᠌ᠵᠡᠢ᠃ ᠲ᠋ᠡᠭᠡᠭᠦ ᠳᠡᠭᠡᠨ ᠠᠢ᠌ᠮᠠᠭ ᠪᠦᠯᠦᠭ᠌ ᠬᠤᠭᠤᠷᠤᠠᠳᠤ ᠪᠠᠨ ᠨᠢᠭᠳᠠ ᠪᠦᠯᠭᠦᠮᠳᠡᠯ ᠲᠡᠶ ᠪᠠᠢ᠌ᠵᠤ᠂ ᠵᠢᠭ᠍ᠰᠢᠯᠳᠡᠢ ᠠᠮᠢᠳᠠᠨ ᠬᠠᠷᠴᠠᠭᠠᠢ ᠵᠠᠪᠰᠢᠶᠠᠨ ᠢ ᠳᠠᠯᠢᠮᠳᠠᠭᠤᠯᠤᠨ ᠠᠯᠢ ᠨᠢᠭᠡ ᠶᠢ ᠨᠢ ᠰᠢᠭᠦᠷᠡᠭᠦ ᠦᠶᠡᠰ᠂ ᠬᠠᠷᠢᠶᠠᠴᠠᠢ ᠨᠤᠭᠤᠳ ᠰᠥᠷᠦᠭᠯᠡᠭᠡᠤᠨ ᠳᠠᠭᠠᠷᠢᠳᠠᠭ ᠪᠠᠢ᠌ᠪᠡ᠃ ᠲ᠋ᠡᠭᠡᠭᠦᠯᠡᠷ ᠬᠠᠷᠢᠶᠠᠴᠠᠢ ᠵᠤᠵᠠᠭᠠᠨ ᠭᠠᠵᠠᠷ ᠬᠠᠷᠴᠠᠭᠠᠢ ᠣᠢ᠌ᠷᠠᠳᠤᠵᠤ ᠴᠢᠳᠠᠳᠠᠭ ᠦᠭᠡᠶ᠃ ᠵᠢᠭᠦᠷᠳᠡᠨ ᠤ ᠠᠢ᠌ᠮᠠᠭ ᠲᠠᠭᠠᠨ ᠬᠠᠷᠢᠶᠠᠴᠠᠢ ᠪᠣᠯ ᠬᠠᠮᠤᠭ ᠤᠨ ᠳᠤᠷᠤᠢ ᠰᠢᠪᠠᠭᠤ ᠪᠠᠢ᠌ᠵᠤ᠂ ᠣᠯᠠᠨ ᠠᠷᠪᠢᠨ ᠲᠦᠷᠦᠯᠭᠢ ᠳᠠᠢ᠌ᠰᠤᠨ ᠤ ᠡᠮᠦᠨ᠎ᠡ ᠶᠠᠷᠤ ᠡᠴᠡ ᠠᠶᠤᠵᠤ ᠰᠥᠷᠳᠡᠳᠡᠭ᠌ ᠦᠭᠡᠶ᠂ ᠪᠦᠯᠭᠦᠮᠳᠡᠨ ᠨᠢᠭᠳᠠᠷᠠᠵᠤ ᠪᠠᠭᠤᠷᠠᠢ ᠨᠢᠯᠬᠠᠰ ᠶᠢᠡᠨ ᠳᠤᠮᠳᠠ ᠪᠠᠨ ᠪᠦᠭᠡᠴᠡᠢ᠌ᠯᠡᠨ ᠨᠠᠢ᠌ᠳᠠ ᠶᠢᠨ ᠭᠦᠴᠤᠨ ᠶᠢᠡᠷ ᠶᠢᠡᠨ ᠣᠷᠤᠰᠢᠨ ᠳᠤᠭᠳᠠᠨᠢᠬᠤ ᠣᠷᠤᠨ ᠵᠠᠢ ᠪᠠᠨ ᠳᠡᠯᠡᠳᠡᠭ᠌ ᠪᠠᠢ᠌ᠨ᠎ᠡ᠃ ᠭᠡᠭᠦ ᠳᠡᠭᠡᠨ ᠳᠠᠷᠢᠶ᠎ᠠ ᠲᠦᠮᠦᠰᠦ ᠶᠢ ᠰᠥᠢᠦᠡᠭᠡᠭᠦ ᠦᠭᠡᠶ ᠪᠠᠷ ᠪᠠᠷᠠᠬᠤ ᠦᠭᠡᠶ᠂ ᠲ᠋ᠠᠷᠢᠮᠠᠯ ᠤᠨ ᠳᠠᠢ᠌ᠰᠤᠨ ᠪᠣᠯᠬᠤ ᠬᠤᠷᠤᠬᠠᠢ ᠰᠢᠪᠠᠵᠢ ᠶᠢ ᠳᠡᠭᠦᠵᠤ ᠬᠤᠭᠤᠯᠠᠯᠠᠳᠠᠭ ᠪᠠᠷ ᠶᠢᠡᠨ ᠭᠦᠮᠤᠨ ᠲᠦᠷᠦᠯᠭᠢᠳᠠᠨ ᠳᠤ ᠬᠠᠮᠤᠭ ᠡᠴᠡ ᠢᠯᠡᠭᠦᠤ ᠪᠢᠰᠢᠷᠠᠨ ᠳᠠᠭᠠᠯᠠᠭᠳᠠᠳᠠᠭ ᠰᠠᠨ᠃ ᠬᠠᠷᠢᠶᠠᠴᠠᠢ ᠴᠤ ᠦᠪᠡᠷ ᠤᠨ ᠪᠠᠭᠤᠷᠠᠢ ᠳᠠᠯ᠎ᠠ ᠪᠠᠨ ᠨᠥᠭᠦᠪᠦᠷᠢᠯᠡᠭᠦ ᠪᠠᠷ ᠭᠦᠮᠤᠨ ᠲᠦᠷᠦᠯᠭᠢᠳᠠᠨ ᠶᠢᠡᠷ ᠳᠦᠰᠢᠭ᠌ ᠭᠢᠵᠤ᠂ ᠲ᠋ᠤᠰᠬᠠᠢ᠌ᠯᠠᠨ ᠭᠡᠷ ᠤᠨ ᠰᠠᠷᠠᠪᠴᠢ᠂ ᠨᠢᠷᠤᠭᠤ ᠳᠡᠭᠡᠪᠦᠷ ᠶᠢᠡᠷ ᠨᠢ ᠡᠭᠦᠷᠯᠡᠵᠤ ᠭᠦᠮᠤᠨ ᠰᠢᠪᠠᠭᠤ ᠡᠯᠢᠭᠡᠰᠡᠭ᠌ ᠨᠠᠢ᠌ᠷᠳᠠᠢ ᠣᠷᠤᠰᠢᠨ ᠳᠤᠭᠳᠠᠨᠢᠳᠠᠭ ᠪᠠᠢ᠌ᠨ᠎ᠠ᠃ ᠠᠮᠢ ᠠᠬᠤᠢ ᠶᠢᠨ ᠳᠤᠭᠳᠠᠴᠠ ᠶᠢᠨ ᠭᠡᠯᠭᠢᠶᠡᠰᠤᠨ ᠳᠤ ᠭᠦᠮᠤᠨ ᠭᠡᠷᠪᠡ ᠪᠠᠭᠳᠠᠳᠠᠭ ᠲᠤ ᠭᠦᠷᠪᠠᠯ᠂ ᠭᠦᠮᠤᠨ ᠲᠡᠶ ᠬᠠᠮᠤᠭ ᠣᠢ᠌ᠷ᠎ᠠ ᠭᠤᠭᠴᠤᠭ᠎ᠠ ᠨᠢ ᠪᠠᠷᠤᠭ ᠬᠠᠷᠢᠶᠠᠴᠠᠢ ᠪᠣᠯᠬᠤ ᠨᠢ ᠡ᠃ ᠲ᠋ᠡᠭᠡᠭᠦ ᠳᠤ ᠪᠦᠷᠭᠦᠤᠨ ᠬᠠᠷᠴᠠᠭᠠᠢ ᠮᠠᠳᠤ ᠶᠢᠨ ᠬᠤᠷᠴᠠ ᠭᠢᠮᠤᠰᠤ ᠬᠠᠳᠠᠭᠤ ᠬᠤᠩᠰᠢᠶᠠᠷ ᠲᠡᠶ ᠮᠢᠬᠠᠴᠢᠨ ᠰᠢᠪᠠᠭᠤᠳ ᠦᠪᠡᠷ ᠤᠨ ᠰᠦᠷ ᠭᠦᠴᠤᠨ ᠳᠡᠭᠡᠨ ᠡᠷᠳᠦᠵᠤ᠂ ᠭᠡᠨ ᠠᠯᠢᠨ ᠶᠢᠡᠨ ᠳᠤᠭᠤᠬᠤ ᠦᠭᠡᠶ ᠠᠳᠠᠭᠠᠷᠬᠠᠨ ᠥᠰᠢᠶᠡᠷᠭᠡᠵᠤ᠂ ᠬᠤᠪᠢ ᠬᠤᠪᠢᠨ ᠤ ᠠᠭᠤᠯᠠᠨ ᠤ ᠣᠷᠤᠢ ᠡᠵᠡᠯᠡᠨ ᠭᠢᠯᠢ ᠳᠤᠭᠳᠠᠭᠠᠨ ᠵᠠᠭᠠᠭ ᠬᠤᠪᠢᠶᠠᠵᠤ ᠠᠮᠢᠳᠤᠷᠠᠳᠠᠭ ᠨᠢ ᠵᠤᠯ ᠪᠣᠯᠵᠠᠢ᠃ ᠲ᠋ᠠᠳᠠ ᠭᠡᠷᠪᠡ ᠨᠠᠢ᠌ᠷᠠᠮᠳᠠᠭᠠᠤᠨ ᠬᠠᠷᠢᠶᠠᠴᠠᠢ ᠠᠳᠠᠯᠢ ᠰᠥᠷᠦᠭᠯᠡᠭᠡᠤᠨ ᠣᠷᠤᠳᠠᠭ ᠲᠤ ᠭᠦᠷᠪᠠᠯ ᠶ‍ᠢᠷᠳᠢᠠᠴᠤ ᠳᠡᠭᠡᠷᠡᠭᠢ ᠠᠮᠢᠳᠤ ᠪᠣᠳᠠᠰ ᠣᠷᠤᠰᠢᠬᠤ ᠶᠢᠨ ᠠᠷᠭ᠎ᠠ ᠦᠭᠡᠶ ᠪᠣᠯᠬᠤ ᠨᠢ᠃ ᠮᠠᠨ ᠤ ᠨᠡᠭᠦᠳᠡᠯᠴᠢ ᠦᠨᠳᠦᠰᠦᠳᠠᠨ ᠳᠡᠭᠡᠷ᠎ᠡ ᠦᠶ᠎ᠡ ᠡᠴᠡ ᠪᠠᠨ ᠠᠪᠣᠭᠠᠤᠨ ᠮᠠᠢ᠌ᠬᠠᠨ ᠭᠦᠰᠭᠡ ᠪᠣᠰᠬᠠᠵᠤ ᠳᠤᠭᠤᠨᠤᠳᠤ ᠭᠡᠷ ᠪᠠᠷᠢᠳᠠᠭ ᠳᠤᠯᠠ ᠬᠠᠷᠢᠶᠠᠴᠠᠢ ᠳᠤ ᠡᠭᠦᠷ ᠪᠠᠷᠢᠬᠤ ᠶᠢᠨ ᠪᠣᠯᠤᠮᠵᠢ ᠣᠯᠭᠤᠭᠰᠠᠨ ᠦᠭᠡᠶ ᠡᠴᠡ ᠪᠣᠯᠤᠭᠠᠤᠨ᠂ ᠬᠠᠷᠢᠶᠠᠴᠠᠢ ᠲᠡᠶ ᠣᠢ᠌ᠷᠠᠳᠤᠯᠴᠠᠨ ᠵᠠᠩ ᠣᠢ᠌ᠯᠠ ᠶᠢ ᠨᠢ ᠣᠢ᠌ᠯᠠᠭᠠᠵᠤ ᠳᠠᠨᠢᠭᠰᠠᠨ ᠦᠭᠡᠶ ᠶᠡᠪᠦᠵᠡᠢ᠃ ᠡᠭᠦᠨ ᠤ ᠳ᠋ᠦ᠋ᠩ ᠳᠤ ᠣᠷᠳᠤ ᠬᠤᠭᠤᠴᠠᠭᠠᠨ ᠤ ᠳᠠᠢ᠌ᠨ ᠳᠠᠵᠢᠨ ᠤ ᠬᠤᠤᠷ ᠢ ᠠᠮᠰᠠᠵᠤ ᠰᠠᠯᠵᠤ ᠳᠦᠷᠪᠠᠭᠦ ᠶᠢᠨ ᠵᠤᠪᠠᠯᠠᠩ ᠢ ᠡᠳ᠋ᠯᠡᠭ᠍ᠰᠡᠨ ᠶ‍ᠦᠮ᠃ ᠡᠨᠡ ᠪᠣᠯ ᠦᠨᠳᠦᠰᠦᠳᠠᠨ ᠶᠠᠰᠤᠳᠠᠨ ᠤ ᠮᠢᠨᠢ ᠣᠷᠤᠩᠨᠠᠭᠰᠠᠨ ᠣᠠᠴᠠᠭᠠᠢ ᠣᠷᠴᠢᠨ ᠠᠬᠤᠢ ᠡᠴᠡ ᠳᠤᠭᠳᠠᠭᠠᠭᠳᠠᠭᠰᠠᠨ ᠪᠠᠢ᠌ᠯ᠎ᠠ ᠰᠢᠤ᠃ ᠲ᠋ᠡᠭᠡᠭᠦᠯᠡᠷ ᠡᠨᠡ ᠪᠦᠮᠪᠦᠷᠴᠡᠭ᠌ ᠳᠡᠭᠡᠷ᠎ᠡ ᠣᠷᠤᠩᠨᠠᠶ᠎ᠠ ᠭᠡᠪᠠᠯ ᠣᠷᠢᠳᠠᠪᠠᠷ ᠪᠠᠢ᠌ᠭᠠᠯᠢ ᠶᠢᠨ ᠵᠢᠮ᠎ᠠ ᠶᠤᠰᠤ ᠶᠢ ᠳᠠᠨᠢᠵᠤ ᠡᠵᠡᠮᠰᠢᠭᠦ ᠪᠠᠷ ᠪᠠᠷᠠᠬᠤ ᠦᠭᠡᠶ᠂ ᠪᠣᠰᠤᠳ ᠠᠮᠢᠳᠠᠨ ᠤ ᠬᠤᠪᠢᠰᠤᠨ ᠣᠯᠠᠷᠢᠬᠤ ᠳᠠᠭᠠᠨ ᠪᠠᠢ᠌ᠭᠠᠯᠢ ᠲᠡᠶ ᠵᠤᠭᠢᠴᠠᠵᠤ ᠢᠷᠡᠭ᠍ᠰᠡᠨ ᠳᠠᠪᠠᠭᠤᠯᠢᠭ ᠳᠠᠯ᠎ᠠ ᠶᠢ ᠰᠤᠷᠴᠤ ᠡᠵᠡᠮᠰᠢᠭᠡᠤᠨ ᠦᠪᠡᠷ ᠤᠨ ᠣᠢ᠌ᠯᠠ ᠠᠵᠢᠯᠯᠠᠭ᠎ᠠ ᠪᠠᠨ ᠠᠮᠢ ᠣᠷᠤᠰᠢᠬᠤᠢ ᠶᠢᠨ ᠵᠢᠮ᠎ᠠ ᠶᠤᠰᠤᠨ ᠳᠤ ᠨᠡᠢ᠌ᠴᠡᠭᠦᠯᠵᠤ ᠶᠠᠪᠣᠬᠤ ᠨᠢ ᠮᠠᠰᠢ ᠴᠢᠬᠤᠯᠠ ᠪᠢᠯᠠ᠃

ᠵᠤᠨ ᠤ ᠡᠳᠦᠷ ᠭᠡᠭᠡᠷᠡᠭᠦ ᠨᠢ ᠡᠷᠳᠡ᠂ ᠴᠡᠢ᠌ᠳᠡᠯ᠎ᠡ ᠭᠡᠭᠡᠷᠡᠭ᠍ᠰᠡᠭᠡᠷ ᠬᠠᠷᠢᠶᠠᠴᠠᠢ ᠴᠢᠭᠢ ᠵᠢᠵᠢᠭᠢᠨᠠᠳᠠᠯ᠎ᠠ ᠱᠤᠯᠤᠭᠠᠨᠠᠭᠠᠤᠨ ᠠᠮᠤᠷ ᠣᠠᠳᠠᠭᠤᠯᠳᠠᠭ ᠦᠭᠡᠶ᠃ 《ᠪᠠᠷᠰ ᠴᠠᠭ ᠲᠤ ᠪᠣᠰᠬᠤ ᠦᠭᠡᠶ ᠪᠣᠯ ᠡᠳᠦᠷ ᠤᠨ ᠠᠵᠢᠯ ᠰᠡᠭᠠᠳᠦᠨ᠎ᠡ》 ᠭᠡᠭ᠍ᠴᠢ ᠪᠠᠷ᠂ ᠡᠨᠡ ᠦᠶᠡᠰ ᠡᠵᠢ ᠭᠡᠳᠥᠢᠨᠡᠢ ᠦᠨᠢᠶ᠎ᠡ ᠪᠠᠨ ᠰᠠᠭᠠᠵᠤ ᠳᠤᠭᠤᠯ ᠶᠢᠡᠨ ᠳᠠᠯᠪᠢᠵᠤ ᠪᠠᠷᠠᠭᠠᠤᠨ ᠣᠷᠤᠵᠤ ᠢᠷᠡᠭᠡᠤᠨ :

《ᠭᠦᠤ ᠮᠢᠨᠢ ᠪᠣᠰ ᠡ᠂ ᠬᠠᠷᠢᠶᠡᠴᠡᠢ ᠨᠤᠭᠤᠳ ᠴᠢᠮᠢ᠋ᠢ ᠵᠠᠯᠬᠠᠭᠤ ᠭᠡᠤᠨ ᠳᠤᠭᠤᠭᠢᠯᠠᠵᠤ ᠪᠠᠢ᠌ᠨ᠎ᠠ ᠰᠢᠤ》 ᠭᠡᠳᠡᠭ᠌᠃ ᠡᠡᠩᠭᠡᠨ ᠳᠠᠭᠠᠨ ᠬᠠᠷᠢᠶᠠᠴᠠᠢ ᠳᠤ ᠣᠴᠠᠭᠠᠷᠯᠠᠵᠤ ᠪᠠᠢ᠌ᠭᠰᠠᠨ ᠶᠢᠡᠨ ᠵᠠᠩᠰᠢᠵᠤ ᠢᠷᠡᠭᠡᠤᠨ ᠬᠠᠷᠢᠶᠠᠴᠠᠢ ᠶᠢᠨ ᠳᠠᠭᠤᠨ ᠶᠢᠡᠷ ᠡᠳᠦᠷ ᠤᠨ ᠠᠵᠢᠯ ᠶᠢᠡᠨ ᠡᠭᠢᠯᠡᠭᠦᠯᠳᠡᠭ᠌ ᠪᠣᠯᠤᠭᠰᠠᠨ ᠶᠤᠮ᠃

ᠵᠤᠨ ᠤ ᠳᠤᠮᠳᠠ ᠰᠠᠷ᠎ᠠ ᠪᠣᠯᠬᠤ ᠳᠤ᠂ ᠬᠠᠷᠢᠶᠠᠴᠠᠢ ᠤᠳ ᠡᠭᠦᠷ ᠲᠡᠭᠡᠨ ᠳᠦᠷᠪᠡᠨ ᠠᠩᠭ᠋ᠠᠬᠠᠢ ᠨᠡᠪᠴᠢᠭᠦᠯᠵᠤ ᠭᠠᠷᠭᠠᠭᠠᠤᠨ ᠰᠢᠷ᠎ᠠ ᠵᠠᠪᠠᠵᠢ ᠪᠠᠨ ᠠᠩᠰᠠᠯᠵᠠᠭᠤᠯᠤᠨ ᠵᠢᠵᠢᠭᠢᠨᠠᠨ ᠳᠤᠤᠭᠠᠷᠴᠤ᠂ ᠶᠡᠭᠡ ᠬᠠᠷᠢᠶᠠᠴᠠᠢ ᠶᠢᠨ ᠱᠤᠯᠤᠭᠠᠨᠠᠯ ᠲᠡᠶ ᠭᠦᠭ᠌ ᠨᠡᠢ᠌ᠯᠡᠭᠡᠤᠨ ᠴᠢᠭᠢᠨ ᠳᠤ ᠠᠶᠠᠳᠠᠢ ᠨᠠᠢ᠌ᠷᠠᠯ ᠭᠦᠭ᠍ᠵᠢᠮ ᠡᠷᠭᠦᠳᠡᠭ᠌ ᠪᠠᠢ᠌ᠯ᠎ᠠ᠃ ᠠᠩᠭ᠋ᠠᠬᠠᠢ ᠨᠤᠭᠤᠳ ᠦᠰᠴᠦ ᠳᠤᠮᠤᠭᠠᠷᠠᠬᠤ ᠶᠢ ᠳᠠᠭᠠᠯᠳᠤᠨ ᠵᠢᠵᠢᠭ᠌ ᠡᠭᠦᠷ ᠲᠡᠭᠡᠨ ᠰᠠᠭᠤᠵᠤ ᠳᠤᠭᠳᠠᠬᠤ ᠦᠭᠡᠶ ᠪᠣᠯᠤᠭᠠᠤᠨ ᠴᠠᠷᠪᠠᠨ ᠨᠢᠰᠴᠤ ᠪᠠᠢ᠌ᠭᠠᠤᠨ ᠬᠠᠨ᠎ᠠ ᠮᠥᠷᠭᠦᠭᠡᠤᠨ ᠣᠨᠠᠴᠢᠬᠠᠳᠠᠭ᠃ ᠢᠩᠭᠢᠪᠠᠯ ᠡᠵᠢ ᠣᠤᠯᠭ᠎ᠠ ᠠᠯᠳᠠᠨ ᠭᠡᠦᠭᠡᠤᠨ ᠢ ᠵᠠᠢ᠌ᠯᠠᠭᠤᠯᠵᠤ᠂ ᠭᠠᠷ ᠶᠢᠡᠷ ᠶᠢᠡᠨ ᠪᠠᠷᠢᠪᠠᠯ ᠨᠠᠮᠤᠷ ᠪᠣᠴᠠᠬᠤ ᠳᠠᠭᠠᠨ ᠮᠦᠷᠠᠨ ᠢ ᠭᠡᠳᠦᠯᠵᠤ ᠳᠡᠢ᠌ᠯᠭᠦ ᠦᠭᠡᠶ ᠪᠣᠯᠤᠨ᠎ᠠ ᠭᠡᠳᠡᠭ᠌᠃ ᠲ᠋ᠡᠭᠡᠭᠡᠤᠨ ᠬᠤᠰᠤᠭᠤᠷ ᠶᠢᠡᠷ ᠶᠢᠡᠨ ᠭᠦᠩᠭᠡᠭᠡᠨ ᠡᠯᠭᠦᠵᠤ ᠠᠪᠣᠭᠠᠤᠨ ᠡᠭᠦᠷ ᠳᠤᠨᠢ ᠳᠠᠯᠪᠢᠭᠰᠠᠨ ᠤ ᠳᠡᠷᠠᠭ᠎ᠠ᠂ ᠭᠡᠦᠭᠡᠤᠨ ᠢ ᠬᠠᠵᠠᠭᠤᠳᠠ ᠪᠠᠨ ᠰᠠᠭᠤᠯᠭᠠᠵᠤ ᠮᠢᠨᠤ ᠪᠠᠭ᠎ᠠ ᠳᠤ ᠰᠤᠨᠤᠰᠴᠤ ᠬᠠᠯᠠᠰᠢᠷᠠᠭᠰᠠᠨ ᠳᠤᠮᠤᠭ ᠶᠢᠡᠨ ᠶᠠᠷᠢᠵᠤ ᠡᠭᠢᠯᠡᠭᠦᠯᠦᠨ᠎ᠡ᠃

ᠡᠷᠳᠡ ᠣᠷᠢᠳᠤ ᠴᠠᠭ ᠲᠤ᠂ ᠨᠢᠭᠡ ᠠᠢ᠌ᠯ ᠤᠨ ᠭᠡᠦᠭᠡᠨ ᠴᠤᠩᠬᠤᠨ ᠤ ᠪᠠᠨ ᠳᠡᠷᠭᠡᠳᠡ ᠬᠤᠸᠠᠷ ᠬᠠᠤᠠᠬᠤᠮᠠᠯᠯᠠᠵᠤ ᠪᠠᠢ᠌ᠪᠠ ᠭᠡᠨ᠎ᠡ᠃ ᠭᠡᠷ ᠤᠨ ᠭᠢᠨᠢ ᠰᠠᠷᠠᠪᠴᠢᠨ ᠳᠤ ᠨᠢᠭᠡ ᠬᠠᠷᠢᠶᠠᠴᠠᠢ ᠶᠢᠨ ᠡᠭᠦᠷ ᠪᠠᠢ᠌ᠵᠤ᠂ ᠲ᠋ᠠᠷᠪᠠᠵᠤ ᠨᠢᠰᠦᠭ᠍ᠰᠡᠨ ᠨᠢᠭᠡ ᠠᠩᠭ᠋ᠠᠬᠠᠢ ᠣᠨᠠᠭᠠᠤᠨ ᠭᠦᠯ ᠶᠢᠡᠨ ᠬᠤᠭᠤᠯᠤᠭᠰᠠᠨ ᠳᠤ᠂ ᠭᠡᠦᠭᠡᠨ ᠭᠦᠭᠡᠷᠦᠭᠦᠢᠯᠡᠵᠤ ᠭᠦᠵᠢᠨ ᠭᠤᠤᠯ ᠡᠪᠠᠰᠤ ᠪᠠᠷ ᠬᠤᠭᠤᠷᠠᠭᠰᠠᠨ ᠭᠦᠯ ᠢ ᠨᠢ ᠳᠤᠭᠳᠠᠭᠠᠨ ᠵᠠᠯᠭᠠᠭᠠᠤᠨ ᠳᠤᠷᠭᠠᠨ ᠣᠳᠠᠰᠤ ᠪᠠᠷ ᠣᠷᠢᠶᠠᠵᠤ ᠡᠭᠦᠷ ᠳᠤᠨᠢ ᠭᠢᠵᠡᠢ᠃ ᠡᠨᠡ ᠠᠩᠭ᠋ᠠᠬᠠᠢ ᠥᠰᠦᠭᠡᠤᠨ ᠳᠠᠷᠠᠭ᠎ᠠ ᠵᠢᠯ ᠨᠢ ᠢᠷᠡᠭᠦ ᠳᠡᠭᠡᠨ ᠨᠢᠭᠡᠨ ᠮᠥᠭᠦᠯᠢᠭ᠌ ᠦᠯᠦ ᠳᠠᠨᠢᠬᠤ ᠦᠷ᠎ᠡ ᠵᠠᠭᠤᠵᠤ ᠠᠪᠴᠢᠷᠠᠭᠠᠤᠨ ᠭᠡᠦᠭᠡᠨ ᠤ ᠠᠯᠠᠭᠠᠨ ᠳᠡᠭᠡᠷ᠎ᠡ ᠳᠠᠯᠪᠢᠵᠤ ᠦᠭ‍ᠭᠦᠭ᠍ᠰᠡᠨ ᠪᠠᠢ᠌ᠨ᠎ᠡ᠃ ᠭᠡᠦᠭᠡᠨ ᠭᠤᠸᠠᠢ ᠰᠤᠨᠢᠭᠤᠴᠢᠯᠠᠵᠤ ᠭᠦᠷᠢᠶᠡᠨ ᠳᠡᠭᠡᠨ ᠳᠠᠷᠢᠭᠰᠠᠨ ᠳᠤ ᠨᠢᠭᠡᠨ ᠰᠠᠭᠤᠷᠢ ᠥᠵᠡᠰᠭᠦᠯᠡᠩᠳᠤ ᠰᠠᠢ᠌ᠬᠠᠨ ᠣᠶᠠᠩᠭ᠋ᠠᠳᠤ ᠮᠤᠳᠤ ᠣᠷᠭᠤᠨ ᠭᠠᠷᠴᠤ ᠳᠤᠭᠤᠷᠢᠨ ᠳ᠋ᠤᠨᠢ ᠵᠣᠢ᠌ᠯ ᠤᠨ ᠰᠢᠪᠠᠭᠤᠳ ᠢᠷᠡᠭᠡᠤᠨ ᠥᠡᠳᠡᠭᠡᠯᠡᠳᠡᠭ᠌ ᠭᠡᠨ᠎ᠡ᠃ ᠲ᠋ᠡᠭᠡᠭᠡᠤᠨ ᠡᠨᠡ ᠠᠢ᠌ᠯ ᠤᠨ ᠭᠢᠨ ᠰᠢᠪᠠᠭᠤᠨ ᠥᠡᠳᠡᠭᠡ ᠪᠠᠨ ᠬᠤᠳᠠᠯᠳᠤᠭᠠᠤᠨ ᠳᠠᠯᠪᠠ ᠪᠠᠶᠠᠵᠢᠵᠤ ᠭᠠᠷᠬᠤ ᠳᠤ᠂ ᠵᠡᠷᠭᠡᠯᠡᠳᠡᠭᠡ ᠭᠡᠷ ᠤᠨ ᠦᠬᠢᠨ ᠪᠠᠶᠠᠵᠢᠭᠰᠠᠨ ᠥᠩᠭᠡᠷᠡᠯᠳᠡ ᠶᠢ ᠨᠢ ᠰᠤᠷᠠᠵᠤ ᠣᠯᠤᠭᠠᠤᠨ ᠦᠪᠡᠷ ᠤᠨ ᠭᠡᠷ ᠤᠨ ᠰᠠᠷᠠᠪᠴᠢᠨ ᠳ᠋ᠠᠭᠢ ᠬᠠᠷᠢᠶᠠᠴᠠᠢ ᠶᠢᠨ ᠠᠩᠭ᠋ᠠᠬᠠᠢ ᠶᠢ ᠨᠢᠭᠡ ᠪᠠᠷᠢᠵᠤ ᠭᠦᠯ ᠢ ᠨᠢ ᠬᠤᠭᠤᠯᠤᠭᠠᠤᠨ ᠳᠠᠭᠢᠨ ᠵᠠᠯᠭᠠᠵᠤ ᠳᠠᠯᠪᠢᠵᠠᠢ᠃ ᠲ᠋ᠠᠷᠠᠭ᠎ᠠ ᠵᠢᠯ ᠨᠢ ᠭᠦᠯ ᠶᠢᠡᠨ ᠬᠤᠭᠤᠯᠠᠭᠤᠯᠤᠭᠰᠠᠨ ᠬᠠᠷᠢᠶᠠᠴᠠᠢ ᠢᠷᠡᠭᠦ ᠳᠡᠭᠡᠨ ᠪᠠᠰᠠ ᠨᠢᠭᠡ ᠰᠤᠨᠢᠨ ᠦᠷ᠎ᠡ ᠵᠠᠭᠤᠵᠤ ᠠᠪᠴᠢᠷᠠᠵᠠᠢ᠃ ᠦᠨᠦ ᠭᠡᠦᠭᠡᠨ ᠦᠰᠦᠷᠳᠠᠯ᠎ᠠ ᠪᠠᠶᠠᠷᠯᠠᠭᠠᠤᠨ ᠭᠦᠷᠢᠶᠡᠨ ᠳᠡᠭᠡᠨ ᠳᠠᠷᠢᠭᠰᠠᠨ ᠳᠤ ᠨᠢᠭᠡᠨ ᠰᠠᠭᠤᠷᠢ ᠵᠢᠭ᠍ᠳᠡᠢ ᠮᠤᠳᠤ ᠤᠷᠭᠤᠵᠤ᠂ ᠥᠩᠭᠡᠷᠡᠭᠡᠤᠨ ᠨᠢᠰᠭᠦ ᠵᠣᠢ᠌ᠯ ᠤᠨ ᠰᠢᠪᠠᠭᠤᠳ ᠴᠢᠳᠠᠯ ᠤᠨ ᠶᠢᠡᠨ ᠭᠢᠷᠢ ᠪᠠᠷ ᠴᠢᠯᠠᠭᠤ ᠪᠠᠵᠠᠭᠳᠠᠵᠤ ᠢᠷᠡᠭᠡᠤᠨ ᠬᠠᠶᠠᠭᠰᠠᠭᠠᠷ ᠪᠠᠢ᠌ᠵᠤ᠂ ᠡᠨᠡ ᠠᠢ᠌ᠯ ᠢ ᠬᠠᠷᠠᠯᠠᠭᠤᠯᠤᠨ ᠴᠢᠯᠠᠭᠤᠨ ᠣᠪᠣᠭ᠎ᠠ ᠪᠣᠯᠭᠠᠪᠠ ᠭᠡᠨ᠎ᠡ᠃

ᠭᠡᠦᠭᠡᠤᠨ ᠤᠳ ᠡᠮᠡᠭᠡ ᠶᠢᠨ ᠶᠢᠡᠨ ᠦᠤᠵᠤ ᠬᠠᠭᠤᠴᠢᠷᠠᠭᠰᠠᠨ ᠥᠯᠢᠭᠡᠷ ᠢ ᠪᠠᠬᠠᠷᠬᠠᠨ ᠰᠤᠨᠤᠰᠴᠤ᠂ ᠨᠢᠳᠤ ᠪᠠᠨ ᠪᠦᠯᠳᠡᠢ᠌ᠯᠭᠡᠨ ᠬᠤᠷᠤᠬᠠᠢ ᠵᠠᠭᠤᠵᠤ ᠢᠷᠡᠭᠡᠤᠨ ᠠᠩᠭ᠋ᠠᠬᠠᠢ ᠪᠠᠨ ᠳᠡᠵᠢᠭᠡᠭᠦ ᠪᠠᠷ ᠶᠠᠭᠠᠷᠠᠯᠳᠤᠵᠤ ᠪᠠᠢ᠌ᠭ᠎ᠠ ᠬᠠᠷᠢᠶᠠᠴᠠᠢ ᠨᠤᠭᠤᠳ ᠢ ᠪᠠᠬᠠᠷᠬᠠᠨ ᠰᠢᠷᠳᠡᠵᠡᠭᠡᠭᠦ ᠶ‍ᠦᠮ᠃ ᠡᠭᠡ ᠪᠠᠢ᠌ᠭᠠᠯᠢ ᠶᠢᠨ ᠶᠢᠠᠨ ᠠᠮᠢᠳᠠᠨ ᠭᠤᠤᠯᠳᠠᠨ ᠢ ᠬᠠᠢ᠌ᠷᠠᠯᠠᠵᠤ ᠬᠠᠮᠠᠭᠠᠯᠠᠬᠤ ᠣᠤᠷ ᠰᠤᠷᠳᠠᠯ ᠢᠩᠭᠢᠭᠡᠤᠨ ᠦᠷ᠎ᠡ ᠬᠣᠢ᠌ᠴᠢ ᠶᠢᠨ ᠣᠢ ᠪᠢᠯᠢᠭ᠌ ᠲᠤ ᠳᠠᠷᠢᠭᠳᠠᠵᠤ ᠦᠶ᠎ᠡ ᠶᠢᠨ ᠦᠶ᠎ᠡ ᠳᠡᠭᠡᠨ ᠣᠯᠠᠮᠵᠢᠯᠠᠳᠠᠭ ᠪᠠᠢ᠌ᠪᠠ᠃ ᠬᠠᠷᠢᠶᠠᠴᠠᠢ ᠨᠤᠭᠤᠳ ᠴᠤ ᠡᠨᠡ ᠬᠠᠭᠤᠴᠢ ᠳᠤ ᠣᠷᠮᠠᠰᠢᠭᠰᠠᠨ ᠰᠢᠭ ᠣᠯᠠᠮ ᠭᠦᠭ᠍ᠵᠢᠯᠳᠤᠨ ᠱᠤᠯᠦᠭᠠᠨᠡᠵᠤ᠂ ᠭᠡᠷ ᠶᠢᠡᠨ ᠳᠤᠭᠤᠷᠢᠨ ᠴᠠᠷᠪᠠᠨ ᠨᠢᠰᠦᠯᠴᠡᠭᠡᠤᠨ ᠦᠶ᠎ᠡ ᠣᠯᠠᠷᠢᠨ ᠡᠨᠡ ᠠᠢ᠌ᠯ ᠶᠢᠡᠨ ᠡᠷᠢᠵᠤ ᠢᠷᠡᠭᠡᠤᠨ ᠡᠷᠭᠢᠴᠡᠨ ᠬᠤᠷᠭᠤᠳᠠᠭᠰᠠᠭᠠᠷ ᠁

ᠨᠠᠮᠤᠷ ᠪᠣᠯᠪᠠ᠃ ᠠᠭᠤᠯᠠ ᠬᠠᠢ᠌ᠷᠬᠠᠨ ᠠᠯᠳᠠᠨ ᠰᠢᠷᠭᠠᠯ ᠵᠠᠩᠴᠢ ᠨᠦᠮᠦᠷᠴᠦ᠂ ᠲ᠋ᠠᠪᠤᠨ ᠳᠠᠷᠢᠶ᠎ᠠ ᠳᠤᠯᠤᠭᠠᠢ ᠪᠠᠨ ᠳᠠᠭᠠᠭ᠎ᠠ ᠶᠠᠳᠠᠮ᠎ᠠ ᠦᠷ᠎ᠡ ᠰᠠᠭᠤᠵᠤ ᠪᠣᠯᠪᠠᠰᠤᠷᠠᠭᠠᠤᠨ᠂ ᠮᠠᠨᠤᠰ ᠢ ᠡᠪᠠᠰᠤ ᠪᠠᠨ ᠳᠡᠭᠡᠭᠡᠳᠡᠯ᠎ᠡ ᠳᠠᠷᠢᠶ᠎ᠠ ᠬᠠᠳᠤᠭᠠᠤᠨ ᠳᠤᠰᠤᠯᠬᠤ ᠭᠦᠯᠦᠰᠤ ᠪᠠᠨ ᠠᠷᠴᠢᠵᠤ ᠠᠮᠵᠢᠯ ᠦᠭᠡᠶ ᠶᠠᠭᠠᠷᠠᠯᠳᠤᠵᠤ ᠭᠠᠷᠬᠤ ᠳᠤ᠂ ᠬᠠᠷᠢᠶᠠᠴᠠᠢ ᠶᠢᠨ ᠠᠩᠭ᠋ᠠᠬᠠᠢ ᠨᠤᠭᠤᠳ ᠭᠡᠳᠥᠢᠨᠡᠢ ᠡᠭᠡ ᠶᠢᠨ ᠶᠢᠡᠨ ᠴᠢᠭᠡ ᠦᠰᠴᠦ ᠳᠤᠷᠨᠢᠭᠠᠤᠨ ᠵᠠᠪᠠᠵᠢᠨ ᠤ ᠭᠢᠨᠢ ᠰᠢᠷ᠎ᠠ ᠨᠢ ᠠᠷᠢᠯᠤᠨ ᠣᠷᠤᠮ ᠳᠠᠳᠤᠢ ᠥᠯᠡᠳᠡᠵᠡᠢ᠃ ᠭᠡᠭᠦ ᠳᠡᠭᠡᠨ ᠠᠯᠢ ᠭᠡᠳᠥᠢᠨ ᠪᠠᠶ᠎ᠠ ᠪᠠᠨ ᠳᠠᠭᠠᠭᠠᠵᠤ ᠢᠳᠠᠰᠢ ᠡᠷᠭᠢᠴᠡᠭᠦᠯᠵᠤ ᠰᠤᠷᠤᠭᠠᠤᠨ᠂ ᠰᠢᠨ᠎ᠠ ᠰᠤᠨᠢᠬᠠᠨ ᠡᠭᠡ ᠪᠠᠢ᠌ᠭᠠᠯᠢ ᠨᠢ ᠥᠵᠡᠭᠡᠤᠨ ᠬᠠᠨᠤᠬᠤ ᠦᠭᠡᠶ ᠭᠠᠢ᠌ᠬᠠᠭᠠᠤᠨ ᠪᠠᠷᠠᠬᠤ ᠦᠭᠡᠶ ᠵᠢᠷᠭᠠᠯ ᠤᠨ ᠣᠷᠤᠨ ᠪᠤᠯᠵᠤ᠂ ᠡᠷᠭᠡᠯᠵᠡᠨ ᠬᠤᠷᠭᠤᠳᠠᠭᠰᠠᠭᠠᠷ ᠪᠠᠢ᠌ᠵᠤ ᠬᠠᠷᠠᠩᠭ᠋ᠤᠢ ᠪᠣᠯᠬᠤ ᠶᠢᠨ ᠪᠠᠷᠤᠭ ᠶᠢᠡᠷ ᠰᠠ‍‌ᠶᠢ ᠡᠭᠦᠷ ᠲᠡᠭᠡᠨ ᠪᠣᠴᠠᠬᠤ ᠪᠣᠯᠵᠠᠢ᠃

ᠨᠢᠭᠡᠨ ᠦᠳᠡ ᠶᠢᠨ ᠬᠣᠢ᠌ᠨ᠎ᠠ ᠪᠠᠢ᠌ᠵᠤ ᠪᠢᠯᠠ᠃ ᠪᠢ ᠠᠵᠢᠯ ᠤᠨ ᠴᠢᠯᠦᠭᠡᠨ ᠳᠡᠭᠡᠨ ᠣᠷᠤᠨ ᠳᠡᠭᠡᠷ᠎ᠡ ᠪᠠᠨ ᠳᠠᠩᠭ᠋ᠠᠢ᠌ᠨ ᠠᠮᠠᠷᠠᠵᠤ ᠪᠠᠢ᠌ᠳᠠᠯ᠎ᠠ᠂ ᠭᠠᠳᠠᠨ᠎ᠠ ᠭᠡᠷ ᠲᠤ ᠬᠠᠷᠢᠶᠠᠴᠠᠢ ᠶᠢᠨ ᠱᠤᠯᠤᠭᠠᠨᠠᠬᠤ ᠳᠠᠭᠤᠨ ᠶᠡᠭᠡᠯ᠎ᠡ ᠡᠪᠭᠡᠷᠡᠯᠳᠡᠢ ᠰᠤᠨᠤᠰᠳᠠᠨ᠎ᠠ᠃ ᠬᠠᠷᠢᠶᠠᠴᠠᠢ ᠨᠤᠭᠤᠳ ᠭᠡᠵᠢᠶᠡᠳᠡ ᠪᠠᠨ ᠥᠷᠯᠦᠭᠡ ᠡᠷᠳᠡ ᠡᠭᠦᠷ ᠤᠨ ᠢᠷᠮᠡᠭ᠌ ᠳᠡᠭᠡᠷ᠎ᠡ ᠪᠠᠨ ᠵᠡᠷᠭᠡᠴᠡᠨ ᠰᠠᠭᠤᠵᠤ ᠬᠤᠭᠤᠯᠠᠢ ᠬᠤᠤᠰᠯᠠᠭᠤᠯᠤᠨ ᠣᠳᠠᠳᠠᠯ᠎ᠠ ᠡᠭᠡᠰᠢᠭᠯᠡᠨ ᠵᠢᠷᠭᠢᠭᠡᠤᠨ ᠰᠠ‍‌ᠶᠢ ᠡᠳᠦᠷ ᠤᠨ ᠠᠵᠢᠯ ᠳ᠋ᠠᠭᠠᠨ ᠭᠠᠷᠦᠨ᠎ᠡ᠂ ᠡᠳᠦᠷ ᠳᠤᠮᠳᠠ ᠪᠠᠨ ᠬᠠᠶᠠ ᠢᠷᠠᠪᠠᠴᠤ ᠢᠩᠭᠢᠵᠤ ᠣᠳᠠᠳᠠᠯ᠎ᠠ ᠵᠢᠷᠭᠡᠳᠡᠭ᠌ ᠦᠭᠡᠶ ᠪᠢᠯᠡ᠂ ᠡᠨᠡ ᠡᠳᠦᠷ ᠶᠡᠭᠠᠭᠢᠴᠢᠬᠠᠪᠡ︖ ᠭᠡᠵᠤ ᠪᠢ ᠶᠡᠭᠡ ᠭᠠᠢ᠌ᠬᠠᠨ ᠭᠠᠷᠴᠤ ᠥᠵᠡᠭᠦ ᠳᠤ᠂ ᠲᠦᠷᠪᠠᠨ ᠠᠩᠭ᠋ᠠᠬᠠᠢ ᠪᠦᠷ ᠢᠷᠡᠭᠡᠤᠨ ᠡᠭᠦᠷ ᠶᠢᠡᠨ ᠢᠷᠮᠡᠭᠯᠡᠨ ᠠᠷᠬᠠᠢ᠌ᠯᠴᠡᠵᠤ᠂ ᠡᠷᠡᠭ᠍ᠴᠢᠨ ᠡᠮᠡᠭ᠍ᠴᠢᠨ ᠬᠠᠷᠢᠶᠠᠴᠠᠢ ᠬᠠᠭᠠᠯᠭᠠᠨ ᠳᠡᠭᠡᠷ᠎ᠡ ᠳᠤᠳᠤᠭᠰᠢ ᠬᠠᠷᠠᠨ ᠰᠠᠭᠤᠭᠠᠤᠨ ᠱᠤᠯᠤᠭᠠᠨᠠᠴᠠᠭᠠᠵᠤ ᠪᠠᠢ᠌ᠵᠠᠢ᠃ ᠪᠢ ᠳᠠᠳᠠᠨ ᠡᠴᠡ ᠠᠯᠳᠠ ᠭᠢᠷᠢᠳᠡᠢ᠌ᠭᠡᠨ ᠵᠠᠢ᠌ᠳᠠᠢ ᠭᠠᠵᠠᠷ ᠡᠴᠡ ᠰᠢᠷᠳᠠᠨ ᠵᠤᠭᠰᠦᠭᠠᠳ᠂ ᠭᠡᠷᠪᠡ ᠰᠢᠪᠠᠭᠤᠨ ᠭᠡᠯᠡ ᠮᠡᠳᠡᠳᠡᠭ᠌ ᠪᠣᠯ ᠳᠠᠳᠠᠨᠤᠰ ᠤᠨ ᠪᠠᠶᠠᠷ ᠵᠢᠷᠭᠠᠯ ᠢ ᠬᠤᠪᠢᠶᠠᠯᠴᠠᠨ ᠪᠣᠳᠤᠯ ᠰᠠᠨᠠᠯ ᠶᠢᠡᠨ ᠰᠤᠯᠢᠯᠴᠠᠨ᠎ᠠ ᠳ᠋ᠠ ᠭᠡᠰᠡᠨ ᠳᠡᠨᠡᠭ᠍ᠷᠡᠭᠦᠤ ᠪᠣᠳᠤᠯ ᠳᠠᠭᠠᠨ ᠢᠨᠢᠶᠠᠳᠤ ᠠᠯᠳᠠᠵᠤ ᠪᠢᠯᠠ᠃

ᠮᠠᠷᠭᠠᠰᠢ ᠨᠢ ᠪᠢ ᠳᠤᠩ ᠣᠷᠤᠢ ᠪᠣᠰᠪᠠ᠃ ᠰᠤᠨᠤᠰᠴᠤ ᠳᠠᠰᠤᠭᠰᠠᠨ ᠬᠠᠷᠢᠶᠠᠴᠠᠢ ᠶᠢᠨ ᠳᠠᠭᠤᠨ ᠰᠤᠨᠤᠰᠳᠠᠭᠰᠠᠨ ᠦᠭᠡᠶ ᠶᠡᠭᠡᠯ᠎ᠡ ᠡᠯᠦᠢ ᠬᠤᠯᠤᠢ ᠪᠠᠢ᠌ᠯ᠎ᠠ ᠊᠊᠊᠊᠊᠊᠊᠊᠊᠊᠊᠊᠊᠊᠊ ᠣᠤᠯ ᠨᠢ ᠬᠠᠷᠢᠶᠠᠴᠠᠢ ᠨᠤᠭᠤᠳ ᠴᠢᠮᠡᠭᠡ ᠢᠮᠡᠭᠡ ᠦᠭᠡᠶ ᠡᠷᠳᠡᠯᠡᠨ ᠪᠣᠰᠴᠤ ᠡᠮᠦᠨ᠎ᠡ ᠣᠷᠤᠨ ᠳᠤ ᠨᠡᠭᠦᠳᠡᠯᠯᠡᠭᠦ ᠠᠶᠠᠨ ᠶᠢᠡᠨ ᠭᠦᠭᠡᠭᠡᠵᠡᠢ᠃ ᠨᠡᠮᠢ᠋ᠢ ᠳᠠᠭᠤᠳᠠᠵᠤ ᠰᠡᠷᠢᠭᠡᠪᠠᠯ ᠰᠠᠯᠵᠤ ᠶᠠᠳᠠᠬᠤ ᠡᠴᠡ ᠳᠦᠪᠠᠭ᠍ᠰᠢᠶᠡᠭ᠍ᠰᠡᠨ ᠪᠤᠯᠪᠠᠤ᠂ ᠡᠰᠡᠭᠦᠯ᠎ᠡ ᠭᠡᠳᠦᠷᠭᠡᠢ ᠵᠥᠳᠡᠷᠡᠭ᠍ᠰᠡᠨ ᠪᠣᠯᠬᠤᠷ ᠢᠯᠡᠭᠦᠭᠡᠨ ᠠᠮᠠᠷᠠᠭ ᠭᠡᠵᠤ ᠪᠣᠳᠤᠭᠰᠠᠨ ᠴᠤ ᠪᠣᠯᠪᠠᠤ᠂ ᠶᠠᠭᠤ ᠴᠤ ᠭᠡᠰᠡᠨ ᠴᠢᠮᠡᠭᠡ ᠢᠮᠡᠭᠡ ᠦᠭᠡᠶ ᠶᠠᠪᠣᠭᠠᠤᠨ ᠥᠭ᠍ᠴᠡᠢ᠃ ᠥᠴᠦᠭᠡᠳᠦᠷ ᠤᠨ ᠣᠶᠠᠷᠠᠯᠠᠯᠳᠠᠢ ᠵᠢᠷᠭᠢᠭ᠍ᠰᠡᠨ ᠨᠢ ᠨᠢᠭᠡᠨ ᠵᠤᠨ ᠤ ᠬᠠᠮᠳᠤ ᠶᠢᠨ ᠠᠮᠢᠳᠤᠷᠠᠯ ᠶᠢᠡᠨ ᠡᠷᠭᠢᠴᠡᠭᠦᠯᠤᠨ ᠳᠤᠭᠠᠴᠢᠵᠤ᠂ ᠰᠠᠯᠵᠤ ᠶᠠᠳᠠᠭᠰᠠᠨ ᠰᠠᠤᠠᠭᠢᠯ ᠶᠢᠡᠨ ᠣᠶᠠᠩᠭ᠋ᠠᠯᠠᠨ 《ᠮᠠᠷᠭᠠᠰᠢ ᠶᠡᠪᠦᠨ᠎ᠡ᠂ ᠶᠡᠪᠦᠨ᠎ᠡ᠂ ᠡᠷᠭᠢᠭᠦ ᠵᠤᠨ ᠡᠷᠭᠢᠵᠤ ᠢᠷᠡᠨ᠎ᠡ》 ᠭᠡᠵᠤ ᠠᠶᠠᠷᠯᠠᠬᠤ ᠥᠭᠡ ᠪᠠᠨ ᠠᠶᠠᠯᠠᠭᠤᠯᠵᠤ ᠪᠠᠢ᠌ᠭᠰᠠᠨ ᠠᠵᠢ᠃ ᠪᠢ ᠬᠠᠷᠢᠶᠠᠴᠠᠢ ᠶᠢᠨ ᠡᠨᠡ ᠮᠠᠳᠤ ᠭᠦᠨ ᠰᠡᠳᠬᠢᠯᠭᠡ ᠲᠡᠶ ᠶᠢ ᠥᠵᠡᠭᠡᠤᠨ ᠡᠷᠭᠡ ᠦᠭᠡᠶ ᠬᠠᠮᠠᠷ ᠪᠤᠷᠭᠢᠷᠡᠵᠤ᠂ ᠡᠨᠡ ᠪᠠᠶ᠎ᠠ ᠵᠢᠭᠦᠷ ᠣᠷᠭᠤᠭᠰᠠᠨ ᠪᠣᠯᠬᠤᠯ᠎ᠠ ᠬᠣᠢ᠌ᠨ᠎ᠠ ᠡᠴᠡ ᠨᠢ ᠲᠠᠭᠠᠨ ᠭᠦᠷᠭᠦ ᠪᠠᠢ᠌ᠵᠠᠢ ᠭᠡᠵᠤ ᠣᠳᠠᠳᠠᠯ᠎ᠠ ᠮᠡᠨᠡᠭ᠍ᠷᠡᠵᠤ ᠪᠠᠢ᠌ᠪᠠ᠃

ᠬᠠᠷᠢᠶᠠᠴᠠᠢ ᠶᠠᠪᠣᠭᠰᠠᠨ ᠡᠴᠡ ᠬᠣᠢ᠌ᠰᠢᠭᠢ ᠰᠢᠷ᠎ᠠ ᠡᠳᠦᠷ ᠪᠣᠷᠤ ᠬᠤᠨᠤᠭ ᠲᠤ ᠪᠢ ᠢᠮᠠᠭᠳᠠ ᠬᠠᠷᠢᠶᠠᠴᠠᠢ ᠪᠠᠨ ᠳᠤᠷᠠᠰᠤᠨ ᠰᠠᠨᠠᠭᠠᠯᠵᠠᠵᠤ᠂ ᠨᠠᠷᠠ ᠮᠢᠨᠢ ᠬᠤᠷᠳᠤᠬᠠᠨ ᠰᠢᠭ ᠡᠮᠦᠨᠡᠳᠤ ᠪᠣᠴᠠᠯᠳᠠ ᠶᠢᠨ ᠱᠤᠭᠤᠮ ᠳᠡᠭᠡᠷ᠎ᠡ ᠭᠦᠷᠦᠭᠡᠤᠨ ᠬᠣᠢ᠌ᠰᠢ ᠪᠣᠴᠠᠭᠠᠰᠠᠢ ᠭᠡᠵᠤ ᠭᠦᠰᠡᠮᠵᠢᠯᠡᠭᠦ ᠶ‍ᠦᠮ᠃ ᠲ᠋ᠡᠭᠡᠭᠦ ᠳᠡᠭᠡᠨ ᠡᠮᠦᠨᠡᠳᠤ ᠣᠷᠤᠨ ᠤ ᠪᠣᠭᠢᠷᠳᠠᠭᠰᠠᠨ ᠠᠭᠤᠷ ᠠᠮᠢᠰᠬᠤᠯ ᠳᠤ ᠬᠠᠷᠢᠶᠠᠴᠠᠢ ᠮᠢᠨᠢ ᠬᠠᠬᠠᠵᠤ ᠪᠦᠭᠯᠡᠷᠡᠭᠦ ᠦᠭᠡᠶ ᠨᠢᠰᠴᠤ ᠳᠡᠢ᠌ᠯᠦᠭᠡ ᠪᠣᠯ ᠦᠦ︖ ᠲ᠋ᠡᠨᠦᠭᠦᠯ ᠬᠠᠷᠴᠠᠭᠠᠢ ᠳᠠᠠᠳᠠ ᠡᠷᠭᠢᠴᠡᠵᠤ ᠪᠠᠢ᠌ᠭ᠎ᠠ ᠪᠣᠯ ᠦᠦ︖ ᠭᠡᠵᠤ ᠳᠠᠩᠳᠠ ᠰᠠᠨᠠᠭᠠᠰᠢᠷᠠᠬᠤ ᠶᠤᠮᠰᠠᠨ᠃

ᠭᠡᠭᠡᠪᠴᠢ ᠶᠢᠨ ᠭᠠᠳᠠᠨ᠎ᠠ ᠴᠠᠭᠠᠨ ᠰᠢᠭᠤᠷᠭ᠎ᠠ ᠱᠤᠤᠭᠢᠨ ᠴᠤᠩᠬᠤᠨ ᠰᠢᠯ ᠢ ᠱᠠᠷᠴᠢᠭᠢᠨᠠᠳᠠᠯ᠎ᠠ ᠭᠤᠶᠠᠳᠠᠯᠠᠵᠤ ᠡᠭᠡ ᠪᠠᠢ᠌ᠭᠠᠯᠢ ᠬᠠᠷᠭᠢᠰ ᠭᠡᠷᠴᠡᠭᠡᠢ ᠵᠢᠰᠤ ᠴᠢᠷᠠᠢ ᠪᠠᠨ ᠢᠯᠡᠷᠡᠭᠦᠯᠭᠦ ᠳᠤ᠂ ᠪᠢ ᠥᠵᠡᠰᠭᠦᠯᠡᠩ ᠴᠡᠴᠡᠭ᠌ ᠮᠢᠷᠠᠯᠵᠠᠭᠰᠠᠨ ᠣᠷᠢᠬᠠᠨ ᠳᠤᠯᠠᠭᠠᠨ ᠣᠯᠠᠷᠢᠯ ᠶᠢᠡᠨ ᠮᠥᠷᠦᠭᠡᠳᠴᠤ᠂ ᠬᠠᠨᠢᠰᠴᠤ ᠳᠠᠰᠤᠯᠴᠠᠭᠰᠠᠨ ᠣᠷᠠᠨ ᠬᠠᠷᠢᠶᠠᠴᠠᠢ ᠪᠠᠨ ᠳᠡᠰᠭᠡᠯ ᠦᠭᠡᠶ ᠳᠤᠷᠠᠰᠬᠤ ᠶᠤᠮ ᠡ᠃

ᠬᠠᠷᠢᠶᠠᠴᠠᠢ ᠮᠢᠨᠢ ᠬᠤᠷᠳᠤᠨ ᠢᠷᠡᠭᠡᠰᠡᠢ᠁

ᠵᠤᠬᠢᠶᠠᠭᠴᠢ᠄ ᠨᠣ᠋·ᠪᠠᠭᠠᠳᠤᠷ
ᠳᠠᠷᠤᠮ᠄ 8496
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ