ᠨᠡᠪᠲᠡᠷᠡᠨ ᠤᠷᠤᠬᠤ
ᠨᠢ᠋ᠮᠠᠳᠤᠭᠠᠷ ᠪᠦᠯᠦᠭ ᠂ ᠰᠡᠳᠬᠢᠯ ᠳᠤ ᠬᠤᠨᠤᠭᠰᠢᠭᠰᠠᠨ ᠬᠠᠢ᠌ᠷ᠎ᠠ
ᠲᠦᠷᠪᠡᠳᠦᠭᠡᠷ ᠬᠡᠰᠡᠭ ᠂ ᠡᠨᠡᠷᠢᠯᠲᠦ ᠡᠬᠡ ᠶᠢᠨ ᠨᠢᠯᠪᠤᠰᠤ

ᠡᠨᠡᠷᠢᠯᠳᠤ ᠡᠭᠡ ᠪᠠᠨ ᠠᠯᠳᠠᠭᠰᠠᠨ ᠭᠦᠮᠤᠨ ᠶᠠᠭ ᠯᠠ ᠯᠤᠩᠬᠤᠨ ᠳᠤ ᠬᠠᠤᠠᠬᠤᠭᠰᠠᠨ ᠴᠡᠴᠡᠭ᠌ ᠡ᠊ᠨᠳᠡᠯᠢ᠂ ᠥᠩᠭᠡ ᠦᠨᠦᠷ ᠨᠢ ᠪᠠᠢ᠌ᠪᠠᠴᠤ ᠦᠨᠳᠦᠰᠦ ᠨᠢ ᠳᠠᠰᠤᠷᠠᠴᠢᠬᠠᠭᠰᠠᠨ ᠪᠠᠢ᠌ᠳᠠᠭ᠃


᠊᠊᠊᠊᠊᠊᠊᠊᠊᠊᠊᠊᠊᠊᠊᠊᠊᠊᠊᠊᠊᠊᠊᠊ ᠯᠤᠤ ᠱᠧ


《ᠬᠠᠯᠵᠢᠨ ᠭᠤᠠᠵᠢ ᠪᠣᠯᠤᠨ ᠭᠦᠷᠡᠩ ᠭᠤᠠᠵᠢ ᠪᠠᠨ ᠬᠤᠳᠠᠯᠳᠤ︕》 ᠭᠡᠵᠤ ᠡᠵᠢ ᠰᠢ᠌ᠦᠡᠮᠡᠭ᠌ ᠥᠭᠦᠯᠡᠭᠦ ᠳᠤ :

《ᠳᠠᠷᠠ ᠬᠤᠶᠠᠷ ᠴᠢᠨᠢ ᠰᠠ‍‌ᠶᠢ ᠰᠤᠶᠤᠯᠠᠩ ᠭᠤᠠᠵᠢ ᠰᠢᠤ᠂ ᠲ᠋ᠡᠭᠡᠭᠡᠤᠨ ᠪᠠᠰᠠ ᠨᠢᠯᠬ᠎ᠠ ᠳᠤᠭᠤᠯ ᠲᠡᠶ᠃》 ᠭᠡᠵᠤ ᠪᠢ ᠳᠤᠯᠤᠭᠠᠢ ᠪᠠᠨ ᠮᠠᠭᠠᠵᠢᠨ ᠵᠢᠷᠦᠭᠡ ᠰᠢᠮᠰᠢᠷᠠᠪᠠ᠃

《ᠶᠠᠭᠠᠭᠢᠯ᠎ᠠ ᠭᠡᠤᠨ ᠭᠦᠮᠤᠨ ᠨᠢ ᠡᠷᠡᠭᠦᠯ ᠪᠠᠢ᠌ᠪᠠᠯ ᠮᠠᠯ ᠢ ᠳᠠᠭᠢᠵᠤ ᠣᠯᠵᠤ ᠪᠤᠯᠤᠨ᠎ᠠ》 ᠭᠡᠵᠤ ᠡᠵᠢ ᠨᠠᠮᠢ᠋ᠢ ᠢᠤᠠᠬᠠᠵᠤ ᠭᠠᠷᠤᠯ᠎ᠠ᠃ ᠪᠢ ᠵᠤᠭᠤᠰ ᠡᠷᠭᠢᠴᠡᠭᠦᠯᠭᠦ ᠵᠠᠮ ᠢ ᠪᠠᠷᠠᠳᠠᠯ᠎ᠠ ᠰᠤᠪᠢᠭᠰᠠᠨ ᠴᠤ ᠥᠭᠡᠷ᠎ᠡ ᠪᠦᠳᠦᠮᠵᠢᠳᠡᠢ ᠠᠷᠭ᠎ᠠ ᠣᠯᠤᠭᠰᠠᠨ ᠦᠭᠡᠶ᠃ ᠡᠭᠡᠨᠡᠷ ᠮᠢᠨᠢ ᠴᠢᠰᠤ ᠴᠠᠢ᠌ᠬᠤ ᠡᠪᠠᠦᠡᠴᠢᠨ ᠳᠤᠰᠴᠤ ᠬᠠᠭᠠᠰ ᠵᠢᠯ ᠡᠮᠨᠡᠯᠭᠡ ᠳᠤ ᠭᠡᠪᠳᠡᠭ᠍ᠰᠡᠨ ᠶᠢᠡᠷ ᠮᠥᠩᠭᠦ ᠭᠡᠳᠡᠭ᠌ ᠢ ᠴᠢᠨᠢ ᠣᠰᠤ ᠴᠠᠰᠤ ᠰᠢᠭ ᠰᠡᠴᠦᠭᠠᠳ᠂ ᠨᠢᠮᠭᠡᠨ ᠭᠦᠷᠦᠩᠭᠡ ᠮᠢᠨᠢ ᠢᠷᠤᠭᠤᠷ ᠲᠠᠭᠠᠨ ᠳᠤᠯᠵᠤ᠂ ᠥᠭᠡᠷ ᠶᠢᠡᠨ ᠰᠢᠭ᠍ᠰᠢᠵᠤ ᠬᠤᠳᠠᠯᠳᠤᠭᠰᠠᠭᠠᠷ ᠪᠠᠢ᠌ᠵᠤ ᠨᠢᠯᠬ᠎ᠠ ᠳᠤᠭᠤᠯ ᠲᠡᠶ ᠭᠤᠠᠵᠢ ᠪᠠᠨ ᠬᠤᠳᠠᠯᠳᠤᠬᠤ ᠳᠡᠭᠡᠷ᠎ᠡ ᠳᠤᠯᠤᠭᠠᠤᠨ ᠪᠠᠢ᠌ᠭ᠎ᠠ ᠡᠡᠵᠢ᠃ ᠶᠡᠭᠡ ᠭᠦᠤ ᠳᠠᠪᠤᠨ ᠨᠡᠰᠦᠳᠡᠢ᠂ ᠪᠦᠳᠤᠨ ᠬᠤᠶᠠᠷ ᠣᠢ ᠳᠤᠯᠤᠭᠠᠳᠤᠢ ᠪᠠᠢ᠌ᠭᠰᠠᠨ ᠪᠠᠭ᠎ᠠ ᠭᠦᠤ ᠡᠭᠡ ᠶᠢᠨ ᠰᠥ᠋ ᠡᠴᠡ ᠪᠠᠨ ᠰᠠᠯᠤᠭᠠᠳᠤᠢ ᠪᠠᠢ᠌ᠭᠰᠠᠨ ᠴᠤ᠂ ᠣᠭᠢᠯᠠᠭᠤᠯᠵᠤ ᠴᠢᠷᠯᠠᠭᠤᠯᠵᠤ ᠪᠠᠢ᠌ᠭᠠᠤᠨ ᠡᠭᠡ ᠡᠴᠡ ᠨᠢ ᠰᠠᠯᠭᠠᠵᠤ ᠭᠦᠳᠡᠭᠡ ᠭᠡᠷ ᠳᠠᠭᠢ ᠡᠮᠡᠭᠡ ᠳ᠋ᠤᠨᠢ ᠥᠯᠡᠳᠠᠭᠡᠵᠤ ᠠᠰᠠᠷᠠᠭᠤᠯᠵᠤ ᠪᠢᠯᠡ᠃ ᠡᠭᠡ ᠨᠢ ᠦᠪᠡᠷ ᠤᠨ ᠠᠮᠢ ᠪᠠᠨ ᠴᠤ ᠶᠠᠭᠠᠭᠢᠶ᠎ᠠ ᠭᠡᠵᠤ ᠪᠠᠢ᠌ᠬᠤ ᠳᠤ ᠥᠭᠡᠷ᠎ᠡ ᠶᠠᠮᠠᠷ ᠠᠷᠭ᠎ᠠ ᠪᠠᠢ᠌ᠬᠤᠪ︕

ᠡᠮᠨᠡᠯᠭᠡ ᠶᠢᠨ ᠬᠤᠷᠢᠶᠠᠨ ᠤ ᠴᠤᠯ ᠴᠠᠭᠠᠨ ᠭᠡᠷ ᠥᠷᠦᠭᠡ ᠪᠠ ᠣᠷᠤ ᠳᠡᠪᠢᠰᠭᠡᠷ᠂ ᠴᠡᠰᠤ ᠴᠠᠭᠠᠨ ᠬᠤᠪᠴᠠᠰᠤ ᠮᠠᠯᠠᠭᠠᠢ ᠲᠡᠶ ᠡᠮᠴᠢ ᠰᠤᠪᠢᠯᠠᠭᠴᠢ ᠪᠦᠭᠦᠨ ᠨᠢ ᠣᠮᠠᠷᠠᠳᠤ ᠳᠣᠢ᠌ᠯ ᠤᠨ ᠮᠦᠰᠤᠨ ᠭᠡᠷ ᠢ ᠰᠠᠨᠠᠭᠳᠠᠭᠤᠯᠵᠤ᠂ ᠴᠢᠰᠤ ᠦᠭᠡᠶ ᠴᠢᠯᠳᠠᠩ ᠴᠢᠷᠠᠢ᠌ᠯᠠᠭᠠᠤᠨ ᠭᠡᠪᠳᠡᠵᠤ ᠪᠠᠢ᠌ᠭ᠎ᠠ ᠡᠭᠡᠨᠡᠷ ᠪᠣᠯᠤᠨ ᠡᠭᠡ ᠪᠠᠨ ᠰᠠᠨᠠᠭᠠᠤᠨ ᠰᠦᠨᠢ ᠳᠡᠭᠡᠨ ᠭᠡᠳᠤ ᠣᠭᠢᠯᠠᠵᠤ ᠪᠣᠰᠬᠤ ᠭᠦᠤ ᠪᠠᠨ ᠪᠣᠳᠤᠭᠠᠤᠨ 《ᠰᠠᠬᠠᠯ ᠰᠠᠮᠪᠠᠢ ᠲᠡᠶ ᠶᠡᠭᠡ ᠡᠷ᠎ᠡ》 ᠮᠢᠨᠤ ᠨᠢᠳᠤᠨ ᠨᠢᠯᠪᠣᠰᠤ ᠪᠣᠷᠤᠭᠠᠨ ᠤ ᠣᠰᠤ ᠰᠢᠭ ᠠᠰᠬᠠᠷᠠᠪᠠ᠃ ᠴᠢᠰᠤ ᠴᠠᠢ᠌ᠬᠤ ᠡᠪᠠᠦᠡᠴᠢᠨ ᠊ᠢ 《ᠦᠮᠠᠨ》᠊ᠤ ᠲᠦᠷᠦᠯ ᠳᠤ ᠪᠠᠭᠳᠠᠭᠠᠵᠤ ᠶᠠᠷᠢᠳᠠᠭ ᠪᠣᠯᠪᠠᠴᠤ᠂ ᠴᠢᠰᠤᠨ ᠤ ᠰᠢᠨ᠎ᠠ ᠡᠰ ᠡᠭᠦᠳᠤᠨ ᠪᠦᠳᠦᠭᠡᠭᠦ ᠴᠢᠳᠠᠪᠣᠷᠢ ᠪᠠᠨ ᠠᠯᠳᠠᠭᠰᠠᠨ ᠡᠨᠡ ᠡᠪᠠᠦᠡᠴᠢᠨ ᠨᠢ ᠭᠤᠴᠢᠨ ᠲᠦᠮᠡ ᠲᠡᠶ ᠪᠣᠯ ᠨᠤᠭᠤᠰᠤ ᠰᠤᠯᠢᠬᠤ ᠵᠠᠰᠠᠯ ᠶᠢᠡᠷ ᠪᠦᠷᠢᠨ ᠡᠳᠡᠭᠡᠷᠡᠭᠦᠯᠵᠤ ᠪᠤᠯᠳᠠᠭ᠃ ᠲ᠋ᠡᠭᠡᠭᠦ ᠳᠤ ᠴᠢᠰᠤᠨ ᠤ ᠭᠡᠯᠪᠠᠷᠢ ᠣᠳᠤᠮᠯᠠᠯ ᠤᠨ ᠰᠢᠠᠵᠢ ᠮᠠᠳᠤ ᠶᠢᠨ ᠵᠣᠢ᠌ᠯᠠᠰ ᠪᠦᠷᠢᠨ ᠨᠡᠢ᠌ᠴᠡᠭ᠍ᠰᠡᠨ ᠨᠤᠭᠤᠰᠤ ᠬᠠᠩᠭ᠋ᠠᠭᠰᠠᠨ ᠭᠦᠮᠤᠨ ᠢ ᠡᠷᠢᠵᠤ ᠣᠯᠬᠤ ᠭᠡᠷᠡᠭ᠍ᠳᠡᠢ᠃ ᠡᠳᠡᠭᠡᠷ ᠨᠥᠭᠦᠴᠡᠯ ᠢ ᠪᠦᠷᠢᠳᠦᠭᠦᠯᠦᠨ᠎ᠡ ᠭᠡᠭ᠍ᠴᠢ ᠭᠦᠷᠦᠩᠭᠡ ᠨᠢᠮᠭᠡᠨ ᠮᠠᠯᠴᠢᠨ ᠮᠢᠨᠤ ᠬᠤᠪᠢ ᠳᠤ ᠰᠠᠨᠠᠰᠢ ᠦᠭᠡᠶ ᠭᠡᠷᠡᠭ᠌᠃ ᠭᠢᠳᠡᠳ ᠤᠨ ᠠᠮᠠᠨ ᠶᠠᠷᠢᠶᠠᠨ ᠳᠤ ᠪᠠᠢ᠌ᠳᠠᠭ 《ᠶᠠᠭᠤ ᠲᠡᠶ ᠴᠤ ᠡᠪᠠᠦᠡᠴᠢᠨ ᠲᠡᠶ ᠪᠠᠢ᠌ᠵᠤ ᠪᠣᠯᠬᠤ ᠦᠭᠡᠶ᠂ ᠶᠠᠭᠤ ᠦᠭᠡᠶ ᠴᠤ ᠵᠤᠭᠤᠰ ᠦᠭᠡᠶ ᠪᠠᠢ᠌ᠵᠤ ᠪᠣᠯᠬᠤ ᠦᠭᠡᠶ》 ᠭᠡᠰᠡᠨ ᠥᠭᠡ ᠨᠢ ᠶ‍ᠢᠷᠳᠢᠠᠴᠤ ᠶᠢᠨ ᠣᠯᠠᠭᠠᠨ ᠳᠤᠭᠤᠰᠤᠨ ᠤ ᠮᠦᠨ ᠴᠢᠨᠠᠷ ᠢ ᠵᠠᠳᠠ ᠢᠯᠡᠴᠢᠯᠡᠭ᠍ᠰᠡᠨ ᠪᠠᠢ᠌ᠵᠡᠢ᠃ ᠮᠥᠩᠭᠦᠨ ᠤ ᠭᠠᠴᠢᠭᠳᠠᠯ ᠳᠤ ᠳᠠᠩᠰᠠᠯᠵᠤ ᠪᠠᠢ᠌ᠭᠰᠠᠨ ᠮᠢᠨᠤ ᠪᠠᠢ᠌ᠳᠠᠯ ᠢ ᠦᠵᠡᠵᠤ ᠭᠠᠷᠤᠭᠰᠠᠨ ᠥᠭᠡᠷ ᠤᠨ ᠫᠠᠠᠽᠠᠴᠢᠨ ᠦᠨ᠎ᠡ ᠶᠢ ᠨᠢ ᠳᠠᠷᠤᠭᠰᠠᠨ ᠳᠡᠭᠡᠷ᠎ᠡ ᠳᠠᠷᠤᠵᠤ᠂ ᠲ᠋ᠤᠭᠤᠯ ᠲᠡᠶ ᠦᠨᠢᠶᠠᠨ ᠤ ᠮᠢᠬᠠᠨ ᠭᠠᠷᠤᠯᠳᠠ ᠮᠠᠭᠤ ᠭᠡᠤᠨ ᠭᠤᠯᠤᠭᠰᠠᠨ ᠳᠡᠭᠡᠷ᠎ᠡ ᠭᠤᠯᠤᠵᠤ ᠪᠠᠢ᠌ᠭᠠᠤᠨ ᠭᠢᠮᠳᠠᠬᠠᠨ ᠠᠪᠣᠭᠠᠤᠨ ᠵᠢᠯᠢ᠌ᠵᠠᠢ᠃  ᠵᠠᠰᠠᠯᠭ᠎ᠠ ᠠᠪᠳᠠᠭ ᠦᠭᠡᠶ ᠡᠨᠡ ᠡᠪᠠᠦᠡᠴᠢᠨ ᠨᠢ ᠶᠠᠭ ᠢᠷᠤᠭᠤᠷ ᠦᠭᠡᠶ ᠰᠠᠪᠠ ᠪᠠᠢ᠌ᠵᠤ᠂ ᠬᠤᠶᠠᠷ ᠭᠤᠠᠵᠢ ᠶᠢᠨ ᠵᠤᠭᠤᠰ ᠠᠷᠪᠠ ᠬᠤᠨᠤᠯ ᠦᠭᠡᠶ ᠳᠡᠭᠦᠰᠴᠤ᠂ ᠡᠮᠴᠢ ᠳᠤ ᠭᠤᠶᠤᠵᠤ ᠪᠠᠢ᠌ᠭᠠᠤᠨ ᠬᠣᠢ᠌ᠰᠢ ᠵᠤᠭᠤᠰ ᠶᠢᠡᠷ ᠵᠠᠰᠠᠯᠭ᠎ᠠ ᠪᠠᠨ ᠥᠷᠭᠦᠯᠵᠢᠯᠡᠭᠦᠯᠦᠭ᠍ᠰᠡᠨ ᠪᠠᠢ᠌ᠨ᠎ᠡ᠃ ᠲ᠋ᠡᠭᠡᠭᠡᠤᠨ ᠠᠬ᠎ᠠ ᠳᠡᠭᠦᠤ ᠰᠠᠳᠤᠨ ᠡᠴᠡ ᠪᠠᠨ ᠵᠠᠬᠠᠯᠠᠨ ᠵᠢᠭᠡᠯᠡᠭᠦᠯᠵᠤ ᠪᠣᠯᠬᠣᠢ᠌ᠴᠠ ᠭᠦᠮᠤᠨ ᠪᠦᠭᠦᠨ ᠡᠴᠡ ᠪᠦᠷ ᠭᠠᠷ ᠰᠠᠷᠪᠠᠢ᠌ᠵᠤ ᠦᠵᠡᠯ᠎ᠠ᠃ 《ᠪᠠᠶᠠᠨ ᠳᠠᠷᠭᠤᠨ ᠭᠦᠮᠤᠨ ᠪᠠᠷᠳᠠᠭᠠᠳᠤ ᠠᠭᠤᠯᠠᠨ᠎ᠠ ᠰᠠᠭᠤᠷᠢᠰᠢᠪᠠᠴᠤ ᠪᠢᠯᠳᠤᠤᠴᠢᠯᠠᠬᠤ ᠠᠮᠢᠳᠠᠨ ᠣᠯᠠᠨ᠂ ᠶᠠᠳᠠᠭᠤᠷᠠᠵᠤ ᠬᠤᠭᠤᠰᠤᠷᠠᠭᠠᠤᠨ ᠥᠢᠮᠡᠭᠡᠡᠳᠤ ᠵᠡᠭᠡᠯᠢ ᠳᠤ ᠣᠷᠤᠩᠨᠠᠪᠠᠴᠤ ᠬᠠᠢ᠌ᠬᠤᠷᠬᠤ ᠰᠠᠳᠤᠨ ᠦᠭᠡᠶ》 ᠭᠡᠳᠡᠭ᠍ᠴᠢᠯᠡᠨ 《ᠦᠭ‍ᠭᠦᠶ᠎ᠡ》 ᠭᠡᠪᠠᠯ ᠥᠡᠳᠡᠯᠵᠡᠭᠦ ᠭᠦᠮᠤᠨ ᠮᠤᠩ ᠦᠭᠡᠶ ᠴᠤ᠂ 《ᠡᠡᠪᠦᠶ᠎ᠡ》 ᠭᠡᠭᠦ ᠦᠶ᠎ᠡ ᠳᠤ ᠠᠢ᠌ᠮᠠᠭ ᠲᠦᠷᠦᠯ ᠪᠦᠷ ᠵᠢᠭᠤᠳᠠᠨ ᠳᠤᠳᠠᠭᠠᠳᠠᠭ ᠡᠨᠡ ᠡᠷᠢᠶᠡᠨ ᠬᠤᠷᠸ᠎ᠠ ᠶᠠᠷᠤᠨᠢ ᠵᠤᠪᠠᠯᠠᠩᠳᠠᠢ ᠭᠦᠮᠤᠨ ᠢ ᠡᠨᠡᠷᠢᠳᠡᠭ᠌ ᠦᠭᠡᠶ ᠪᠠᠢ᠌ᠵᠠᠢ᠃

ᠬᠤᠶᠠᠷ ᠭᠤᠠᠵᠢ ᠪᠠᠨ ᠬᠤᠳᠠᠯᠳᠤᠭᠰᠠᠨ ᠳᠠᠷᠠ ᠣᠷᠤᠢ᠂ ᠦᠨᠦᠴᠢᠨ ᠬᠤᠴᠤᠷᠠᠭᠰᠠᠨ ᠬᠤᠶᠠᠷ ᠳᠤᠭᠤᠯ ᠤᠨ ᠮᠥᠭᠡᠷᠡᠭ᠍ᠰᠡᠨ ᠭᠡᠭ᠍ᠴᠢ ᠦᠷᠦᠴᠠ ᠵᠢᠷᠦᠭᠡ ᠶᠢ ᠣᠷᠠᠵᠤ ᠳᠠᠰᠤᠳᠠᠮᠠᠷ ᠰᠢᠨᠠᠯᠠᠩᠭ᠋ᠤᠢ ᠰᠤᠨᠤᠰᠳᠠᠨ᠎ᠠ᠃ ᠲ᠋ᠤᠭᠤᠯ ᠤᠨ ᠳᠠᠭᠤᠨ ᠳᠤ ᠰᠤᠴᠢᠨ ᠰᠡᠷᠢᠭ᠍ᠰᠡᠨ ᠪᠠᠭ᠎ᠠ ᠭᠦᠤ ᠴᠤ ᠳᠤᠭᠤᠯ ᠲᠡᠶ ᠬᠤᠭᠤᠯᠠᠢ ᠬᠤᠤᠰᠯᠠᠭᠤᠯᠤᠨ ᠰᠦᠨᠢᠵᠢᠨ ᠤᠬᠢᠯᠡᠵᠡᠢ᠃ ᠡᠨᠡ ᠦᠨᠦᠴᠢᠨ ᠠᠮᠢᠳᠠᠤᠨ ᠤᠨ ᠴᠢᠷᠯᠠᠯ ᠳᠤ ᠮᠢᠬᠠᠨ ᠵᠢᠷᠦᠭᠡ ᠲᠡᠶ ᠪᠣᠯᠭᠠᠨ ᠰᠢᠮᠰᠢᠷᠡᠭᠦ ᠦᠭᠡᠶ ᠳᠠᠰᠴᠤ ᠴᠢᠳᠠᠬᠤ ᠦᠭᠡᠶ᠂ ᠰᠦᠨᠢ ᠬᠠᠭᠠᠰᠯᠠᠬᠤ ᠡᠴᠡ ᠡᠮᠦᠨ᠎ᠡ ᠡᠵᠢ ᠶᠢᠨ ᠮᠢᠨᠢ ᠬᠠᠭᠤᠴᠢᠨ ᠨᠢ ᠳᠠᠭᠢᠵᠤ ᠰᠦᠨᠢ ᠳᠤᠵᠢ ᠡᠮᠴᠢ ᠳᠤᠮᠴᠢ ᠳᠤ ᠭᠦᠶ‍ᠦᠯᠭᠡᠨ ᠳᠡᠪᠵᠢᠶᠡᠷᠡᠭᠦᠯᠵᠤ ᠪᠢᠯᠠ᠃ ᠢᠩᠭᠢᠵᠤ ᠨᠢᠳᠤ ᠬᠠᠮᠭᠢᠯ ᠦᠭᠡᠶ ᠦᠷ ᠴᠠᠢ᠌ᠯᠭᠠᠬᠤ ᠳᠤ᠂ ᠣᠭᠢᠯᠠᠵᠤ ᠴᠥᠭᠦᠭ᠍ᠰᠡᠨ ᠪᠠᠭ᠎ᠠ ᠭᠦᠤ ᠯᠥᠭ᠌ ᠰᠥᠭ᠌ ᠦᠭᠡᠶ ᠣᠠᠳᠠᠵᠤ᠂ ᠰᠦᠨᠢᠵᠢᠨ ᠮᠥᠭᠡᠷᠡᠭ᠍ᠰᠡᠨ ᠬᠤᠶᠠᠷ ᠳᠤᠭᠤᠯ ᠤᠨ ᠬᠤᠭᠤᠯᠠᠢ ᠨᠢ ᠪᠦᠷ ᠰᠥᠭᠡᠭᠡᠤᠨ ᠬᠤᠶᠠᠷ ᠨᠢᠳᠤᠨ ᠡᠴᠡ ᠨᠢ ᠪᠦᠳᠦᠭᠦᠨ ᠪᠦᠳᠦᠭᠦᠨ ᠨᠢᠯᠪᠣᠰᠤᠨ ᠳᠤᠰᠤᠯ ᠪᠦᠮᠪᠦᠷᠢᠵᠤ ᠪᠠᠢ᠌ᠯ᠎ᠠ᠃ ᠮᠠᠨᠠᠢ᠌ᠭᠢᠨ ᠬᠤᠳᠠᠯᠳᠤᠭᠰᠠᠨ ᠡᠨᠡ ᠬᠤᠶᠠᠷ ᠭᠤᠠᠵᠢ ᠡᠴᠡ ᠭᠠᠳᠠᠨ᠎ᠠ ᠠᠷᠪᠠᠨ ᠳᠠᠪᠣ ᠭᠦᠷᠦᠭ᠍ᠰᠡᠨ ᠨᠢᠭᠡ ᠴᠠᠪᠢ ᠠᠯᠠᠭ ᠭᠦᠭ᠍ᠰᠢᠨ ᠦᠨᠢᠶ᠎ᠡ ᠪᠠᠢ᠌ᠳᠠᠭ᠂ ᠲ᠋ᠠᠷᠠ ᠨᠢ ᠳᠠᠭᠠᠭᠠᠴᠢᠯᠠᠯᠳᠠ ᠡᠴᠡ ᠡᠮᠦᠨ᠎ᠡ ᠨᠠᠭᠠᠴᠤ ᠶᠢᠨ ᠦᠭ‍ᠭᠦᠭ᠍ᠰᠡᠨ ᠮᠠᠯ ᠤᠨ ᠭᠦᠷᠦᠩᠭᠡ ᠪᠠᠢ᠌ᠵᠤ᠂ ᠲ᠋ᠡᠭᠦᠨ ᠡᠴᠡ ᠬᠣᠢ᠌ᠰᠢᠭᠢ ᠳᠠᠪᠢ ᠶᠢᠨ ᠳᠠᠪᠠᠭ᠎ᠠ ᠶᠢ ᠳᠠᠪᠠᠭᠰᠠᠨ ᠮᠠᠯ ᠤᠳ ᠪᠦᠷ ᠳᠡᠭᠦᠨ ᠤ 《ᠵᠢᠭᠡ ᠨᠡᠷ》 ᠪᠤᠯᠤᠨ᠎ᠠ᠃ ᠡᠨᠡ ᠦᠨᠢᠶ᠎ᠡ ᠨᠢᠭᠡᠮᠦᠰᠤᠨ ᠭᠦᠭ᠍ᠰᠢᠷᠡᠵᠤ ᠣᠢ᠌ᠯᠠ ᠭᠦᠳᠡᠯᠦᠯ ᠨᠢ ᠭᠦᠳᠡᠭᠢ ᠪᠣᠯᠤᠭᠰᠠᠨ ᠪᠦᠭᠡᠤᠨ᠂ ᠰᠢᠳᠤ ᠨᠢ ᠴᠤ ᠡᠯᠡᠭ᠍ᠳᠡᠭᠡᠤᠨ ᠪᠦᠮᠪᠦᠭᠡᠯᠡᠵᠤ ᠡᠮᠭᠦᠭ᠍ᠰᠡᠨ ᠡᠪᠠᠰᠤ ᠪᠠᠨ ᠵᠠᠵᠤᠯᠠᠵᠤ ᠳᠡᠢ᠌ᠯᠭᠦ ᠦᠭᠡᠶ ᠠᠯᠳᠠᠭᠠᠤᠨ ᠶᠠᠪᠣᠭᠤᠯᠳᠠᠭ ᠪᠤᠯᠪᠠ᠃ ᠲ᠋ᠡᠭᠡᠪᠠᠴᠤ ᠪᠢᠳᠠ ᠳᠡᠭᠦᠨ ᠢ ᠮᠠᠯ ᠤᠨ ᠭᠦᠢ ᠵᠠᠯᠭᠠᠭᠰᠠᠨ ᠪᠣᠶᠠᠠᠳᠠᠢ ᠮᠠᠯ ᠭᠡᠵᠤ ᠨᠠᠷᠢᠨ ᠪᠣᠷᠳᠤᠭ᠎ᠠ ᠪᠠᠷ ᠠᠷᠠᠴᠢᠯᠠᠨ ᠳᠡᠵᠢᠭᠡᠵᠤ 《ᠵᠢᠷᠭᠠᠯᠳᠡᠢ ᠥᠳᠡᠯᠡᠭᠦᠯᠭᠦ》 ᠭᠡᠵᠤ ᠬᠤᠳᠠᠯᠳᠤᠬᠤ ᠦᠭᠡᠶ ᠪᠠᠢ᠌ᠵᠠᠢ᠃ ᠪᠣᠳᠤᠬᠤ ᠳᠤ ᠡᠨᠡ ᠰᠦᠨᠢ ᠶᠢᠨ ᠮᠥᠭᠡᠷᠤᠯᠲᠠ ᠳᠤ ᠵᠥᠭ᠌ ᠲᠡᠶ ᠣᠯᠵᠤ ᠠᠮᠠᠷᠠᠭᠰᠠᠨ ᠦᠭᠡᠶ᠂ ᠮᠠᠯ ᠯᠠ ᠪᠣᠯᠬᠤᠷ ᠳᠠᠰᠴᠤ ᠭᠠᠷᠤᠭᠰᠠᠨ ᠪᠤᠯᠤᠯᠳᠡᠢ᠂ ᠡᠨᠡ ᠬᠤᠶᠠᠷ ᠭᠦᠭᠡᠷᠦᠭᠦᠢ ᠠᠮᠢᠳᠠᠨ ᠤ ᠡᠨᠡᠯᠦᠯᠳᠡᠢ ᠳᠠᠭᠤᠨ ᠳᠤ ᠰᠠᠤᠠᠭᠢᠯ ᠢᠭ᠍ᠳᠦᠯᠡᠭ᠍ᠰᠡᠨ ᠪᠠᠢ᠌ᠵᠤ᠂ ᠥᠭᠡᠷ᠎ᠡ ᠳᠤᠭᠤᠯ ᠪᠢᠷᠠᠭᠤᠳ ᠢ ᠪᠠᠶ᠎ᠠ ᠳᠡᠭᠡᠨ ᠣᠢ᠌ᠷᠠᠳᠤᠭᠤᠯᠳᠠᠭ ᠦᠭᠡᠶ ᠪᠠᠢ᠌ᠭᠰᠠᠨ ᠴᠠᠪᠢ ᠠᠯᠠᠭ ᠮᠢᠨᠢ ᠬᠤᠶᠠᠷ ᠨᠢᠳᠤᠨ ᠡᠴᠡ ᠪᠠᠨ ᠨᠢᠯᠪᠣᠰᠤ ᠪᠦᠮᠪᠦᠷᠢᠭᠦᠯᠦᠭ᠍ᠰᠡᠭᠡᠷ ᠪᠣᠰᠴᠤ ᠢᠷᠡᠭᠡᠤᠨ ᠦᠨᠦ ᠬᠤᠶᠠᠷ ᠢ ᠡᠩᠭᠦᠷᠡᠢ᠌ᠯᠡᠨ ᠳᠤᠯᠢᠶᠠᠵᠤ ᠭᠠᠷᠤᠯ᠎ᠠ︕ ᠦᠵᠡᠰᠠ᠂ ᠦᠨᠢᠶᠠᠨ ᠳᠤ ᠪᠠᠰᠠ ᠭᠦᠮᠤᠨ ᠲᠡᠶ ᠠᠳᠠᠯᠢ ᠦᠷᠦᠪᠴᠢ ᠵᠢᠷᠦᠭᠡ ᠲᠡᠶ ᠪᠦᠭᠡᠤᠨ ᠰᠠᠤᠠᠭᠢᠯ ᠳᠤᠭᠳᠤᠯᠠᠬᠤ ᠳᠠᠭᠠᠨ ᠠᠳᠠᠯᠢᠬᠠᠨ ᠨᠢᠯᠪᠣᠰᠤ ᠣᠨᠠᠭᠠᠳᠠᠭ ᠶᠤᠮ ᠪᠠᠢ᠌ᠨ᠎ᠠ᠃ 《ᠮᠠᠯ ᠠᠳᠠᠭᠤᠰᠤᠨ ᠳᠤ ᠰᠡᠳᠭᠢᠭᠦᠢ ᠦᠭᠡᠶ》 ᠭᠡᠭ᠍ᠴᠢ ᠨᠢ ᠣᠷᠤ ᠦᠭᠡᠶ ᠥᠭᠡ ᠪᠣᠯᠬᠤ ᠶᠢ ᠨᠢᠳᠤ ᠪᠠᠷ ᠶᠢᠡᠨ ᠥᠵᠡᠯ᠎ᠡ᠃ ᠡᠭᠦᠨ ᠢ ᠬᠠᠷᠠᠭᠠᠤᠨ ᠪᠢ ᠴᠤ ᠳᠣᠢ᠌ᠯ ᠶᠢᠡᠷ ᠰᠠᠤᠠᠭᠢᠯ ᠭᠦᠳᠡᠯᠵᠤ᠂ ᠥᠷᠤ ᠵᠢᠷᠦᠭᠡ ᠣᠭᠳᠤᠯᠵᠤ ᠵᠥᠰᠦᠭᠦ ᠠᠳᠠᠯᠢ ᠰᠢᠮᠰᠢᠷᠠᠵᠤ ᠪᠢᠯᠠ᠃

ᠴᠠᠪᠢ ᠠᠯᠠᠭ ᠤᠨ ᠡᠩᠭᠦᠷᠡᠢ᠌ᠯᠡᠯ ᠳᠤ ᠨᠠᠯᠢᠶᠠᠤᠨ ᠳᠠᠢ᠌ᠪᠣᠰᠢᠷᠠᠭᠰᠠᠨ ᠪᠤᠯᠤᠯᠳᠡᠢ᠂ ᠮᠥᠭᠡᠷᠡᠭᠦ ᠪᠠᠨ ᠵᠤᠭᠰᠤᠭᠰᠠᠨ ᠬᠤᠶᠠᠷ ᠳᠤᠭᠤᠯ ᠮᠢᠨᠢ ᠴᠠᠪᠢ ᠠᠯᠠᠭ ᠢ ᠨᠠᠯᠠᠨ ᠵᠤᠭᠰᠤᠵᠤ᠂ ᠴᠠᠪᠢ ᠣᠷᠤᠭᠤ ᠨᠢ ᠶᠡᠭᠡᠯ᠎ᠡ ᠭᠢᠴᠢᠶᠡᠭ᠍ᠰᠡᠨ ᠮᠠᠶ‍ᠢᠭᠳᠠᠢ ᠬᠤᠰᠢᠭᠤ ᠪᠠᠨ ᠶᠠᠪᠣᠭᠤᠯᠬᠤ ᠳᠤ᠂ ᠦᠨᠦᠭᠢ ᠨᠢ ᠬᠠᠷᠢᠨ ᠠᠯᠴᠠᠢ᠌ᠨ ᠵᠤᠭᠰᠤᠭᠠᠤᠨ ᠭᠦᠭᠦᠯᠭᠦ ᠪᠠᠷ ᠳᠠᠯᠪᠢᠭᠠᠤᠨ ᠥᠭ᠍ᠴᠡᠢ᠃ ᠳᠦᠷᠪᠠᠨ ᠵᠢᠯ ᠰᠤᠪᠠᠢ᠌ᠷᠠᠭᠰᠠᠨ ᠭᠦᠭ᠍ᠰᠢᠨ ᠦᠨᠢᠶ᠎ᠡ ᠶ‍ᠦᠮᠰᠡᠡᠵᠢ᠂ ᠭᠦᠭᠦ ᠳᠠᠯᠠᠩ ᠨᠢ ᠬᠠᠳᠠᠵᠤ ᠠᠪᠴᠢᠭᠠᠤᠨ ᠶᠠᠭᠤᠨᠠᠢ ᠰᠥ᠋ ᠭᠠᠷᠴᠤ ᠪᠤᠯᠬᠤ᠃ ᠵᠦᠪᠭᠡᠨ ᠨᠥᠮᠵᠦᠭ᠌ ᠦᠭᠡᠶ ᠡᠭᠡ ᠶᠢᠨ ᠬᠠᠢ᠌ᠷ᠎ᠠ ᠪᠠᠷ ᠶᠢᠡᠨ ᠭᠦᠭᠡᠷᠦᠭᠦᠢ ᠠᠮᠢᠳᠠᠨ ᠢ ᠬᠠᠭᠤᠷᠤᠨ ᠪᠦᠪᠠᠢ᠌ᠯᠠᠵᠤ ᠪᠠᠢ᠌ᠭ᠎ᠠ ᠳᠡᠳᠦᠢ᠃ ᠲ᠋ᠡᠭᠡᠭᠦ ᠳᠤ ᠦᠨᠦ ᠬᠤᠶᠠᠷ ᠴᠤ ᠠᠷᠪᠠᠨ ᠦᠶ᠎ᠡ ᠵᠢᠨ 《ᠨᠠᠭᠠᠴᠤ ᠡᠮᠡᠭᠡ》  ᠵᠢᠨ ᠶᠢᠡᠨ ᠬᠠᠳᠠᠵᠤ ᠬᠤᠷᠴᠠᠢ᠌ᠭᠰᠠᠨ ᠭᠦᠭᠦ ᠶᠢ ᠭᠦᠩᠭᠡᠭᠡᠨ ᠡᠮᠭᠦᠨ ᠬᠤᠶᠠᠷ ᠰᠤᠷᠤᠭᠠᠤᠨ ᠳᠡᠯᠪᠢᠵᠤ᠂ ᠭᠦᠷᠢᠶᠡᠨ ᠠᠮᠰᠠᠷ ᠥᠭᠡᠳᠡ ᠬᠠᠠᠳᠤᠨ ᠳᠠᠭᠢᠨ ᠮᠥᠭᠡᠷᠴᠤ ᠭᠠᠷᠴᠡᠢ᠃ ᠲ᠋ᠡᠭᠡᠯ᠎ᠡ ᠴᠤ ᠳᠠᠭᠠᠵᠤ ᠰᠥᠷᠡᠭᠡᠢ ᠮᠥᠭᠡᠷᠡᠭᠦ ᠪᠠᠨ ᠪᠣᠯᠢᠭᠠᠤᠨ ᠨᠢᠳᠤᠨ ᠨᠢᠯᠪᠣᠰᠤ ᠣᠨᠠᠭᠠᠬᠤ ᠪᠠᠨ ᠪᠣᠯᠢᠵᠠᠢ᠃ ᠬᠤᠶᠠᠷ ᠬᠤᠨᠤᠭ ᠤᠨ ᠳᠠᠷᠠᠭ᠎ᠠ᠂ ᠬᠤᠶᠠᠷ ᠳᠤᠭᠤᠯ ᠮᠢᠨᠢ ᠮᠥᠭᠡᠷᠡᠭᠦ ᠪᠠᠨ ᠳᠠᠭ ᠵᠤᠭᠰᠤᠭᠠᠤᠨ᠂ ᠴᠠᠪᠢ ᠠᠯᠠᠭ ᠢ ᠬᠤᠶᠠᠷ ᠳᠠᠯ᠎ᠠ ᠡᠴᠡ ᠨᠢ ᠬᠠᠪᠴᠢᠨ ᠨᠠᠯᠠᠵᠤ ᠭᠦᠭᠡᠭᠡᠰᠤ ᠰᠠᠬᠠᠷᠠᠭᠤᠯᠤᠨ ᠭᠦᠭᠦᠵᠤ ᠭᠠᠷᠪᠠ᠂ ᠴᠠᠪᠢ ᠠᠯᠠᠭ ᠮᠢᠨᠢ ᠡᠢ᠌ᠮᠤ ᠳᠦᠷᠭᠡᠨ ᠰᠥ᠋ ᠪᠠᠭᠤᠴᠢᠬᠠᠨ᠎ᠠ ᠭᠡᠵᠤ ᠭᠡᠨ ᠤ ᠴᠤ ᠰᠠᠨᠠᠭᠠᠨ ᠳᠤ ᠣᠷᠤᠮ᠎ᠠ ᠦᠭᠡᠶ ᠭᠡᠷᠡᠭ᠌ ᠪᠠᠢ᠌ᠯ᠎ᠡ᠃ ᠡᠨᠡᠷᠢᠩᠭᠦᠢ ᠣᠰᠬᠠᠯ ᠡᠭᠡ ᠶᠢᠨ ᠬᠠᠢ᠌ᠷ᠎ᠠ ᠭᠡᠭ᠍ᠴᠢ ᠡᠢ᠌ᠮᠦᠷᠭᠦ ᠠᠪᠣᠷᠭᠤ ᠶᠡᠭᠡ ᠷᠢᠳᠢ ᠰᠢᠳᠢ ᠲᠡᠶ ᠪᠠᠢ᠌ᠵᠤ᠂ ᠰᠢᠷᠭᠢᠭ᠍ᠰᠡᠨ ᠳᠠᠯᠠᠩ ᠢ ᠢᠪᠠᠯᠡᠭᠦᠯᠵᠤ ᠬᠠᠳᠠᠭᠰᠠᠨ ᠭᠦᠭᠦᠨ ᠡᠴᠡ ᠰᠥ᠋ ᠣᠠᠳᠤᠷᠠᠭᠤᠯᠵᠤ ᠴᠢᠳᠠᠳᠠᠭ ᠭᠠᠢ᠌ᠬᠠᠮᠰᠢᠭᠳᠤ ᠥᠵᠡᠭ᠍ᠳᠡᠯ ᠢ ᠥᠵᠡᠭᠡᠤᠨ ᠮᠢᠨᠤ ᠰᠠᠤᠠᠭᠢᠯ ᠭᠦᠳᠡᠯᠦᠭ᠍ᠰᠡᠨ ᠢ ᠳᠦᠷᠰᠦᠯᠡᠭᠦ ᠶᠢᠨ ᠠᠷᠭ᠎ᠠ ᠦᠭᠡᠶ᠂ ᠴᠠᠪᠢ ᠠᠯᠠᠭ ᠶᠢᠡᠨ ᠭᠦᠵᠦᠭᠦᠳᠡᠨ ᠳᠠᠭᠤ ᠳᠠᠯᠪᠢᠨ ᠣᠭᠢᠯᠠᠭᠰᠠᠨ ᠪᠠᠢ᠌ᠨ᠎ᠠ᠃

ᠬᠤᠶᠠᠷ ᠵᠠᠯᠠᠭᠤ ᠭᠤᠠᠵᠢ ᠪᠠᠨ ᠬᠤᠳᠠᠯᠳᠤᠭᠰᠠᠨ ᠢ ᠰᠤᠨᠤᠰᠤᠭᠠᠤᠨ ᠡᠭᠡᠨᠡᠷ ᠮᠢᠨᠢ ᠡᠪᠠᠦᠡᠴᠢᠨ ᠳᠤ ᠳᠠᠷᠤᠭᠳᠠᠭᠠᠤᠨ ᠵᠢᠪᠬᠤᠭ᠎ᠠ ᠪᠠᠨ ᠠᠯᠳᠠᠭᠰᠠᠨ ᠨᠢᠳᠤᠨ ᠡᠴᠡ ᠪᠠᠨ ᠬᠤᠶᠠᠷ ᠳᠤᠰᠤᠯ ᠨᠢᠯᠪᠣᠰᠤ ᠣᠨᠠᠭᠠᠭᠠᠤᠨ ᠪᠣᠷᠤᠭᠤ ᠬᠠᠷᠠᠨ ᠭᠡᠪᠳᠡᠴᠢᠭᠡᠪᠡ᠃ ᠡᠴᠡᠵᠤ ᠳᠤᠷᠠᠭᠰᠠᠨ ᠳᠠᠯᠤ ᠮᠦᠷᠤ ᠶᠢᠨ ᠭᠢᠨᠢ ᠴᠠᠴᠠᠷᠭᠢᠨᠠᠨ ᠭᠦᠳᠡᠯᠭᠦ ᠶᠢ ᠬᠠᠷᠠᠪᠠᠯ ᠣᠭᠢᠯᠠᠵᠤ ᠯᠠ ᠪᠠᠢ᠌ᠭ᠎ᠠ ᠪᠣᠯᠤᠯᠳᠠᠢ᠃ ᠵᠤᠪᠠᠯᠠᠩᠳᠠᠢ ᠠᠢ᠌ᠯ ᠤᠨ ᠬᠠᠮᠤᠭ ᠡᠯᠪᠠᠭ᠌ ᠭᠦᠷᠦᠩᠭᠡ ᠨᠢ ᠨᠢᠳᠤᠨ ᠨᠢᠯᠪᠣᠰᠤ ᠯᠠ ᠪᠠᠢ᠌ᠬᠤ ᠳ᠋ᠠ᠃ ᠨᠠᠮᠢ᠋ᠢ ᠮᠥᠩᠭᠦᠨ ᠤ ᠡᠷᠢᠯ ᠳᠤ ᠪᠣᠷᠪᠢ ᠪᠣᠰᠭᠢᠯ ᠦᠭᠡᠶ ᠭᠦᠶ‍ᠦᠵᠤ ᠪᠠᠢ᠌ᠬᠤ ᠴᠢᠯᠦᠭᠡᠨ ᠳᠤ᠂ ᠭᠠᠴᠢᠭᠳᠠᠨ ᠪᠣᠭᠢᠨᠠᠳᠤᠵᠤ ᠪᠠᠢ᠌ᠭᠰᠠᠨ ᠡᠭᠡᠨᠡᠷ ᠮᠢᠨᠢ ᠣᠠᠳᠠᠭᠤᠯᠬᠤ ᠡᠮ ᠶᠢᠡᠨ ᠭᠡᠳᠦᠷᠡᠳᠡᠯ᠎ᠡ ᠣᠤᠭᠤᠵᠤ᠂ ᠣᠯᠠᠭᠠᠨ ᠨᠢᠯᠬ᠎ᠠ ᠬᠤᠶᠠᠷ ᠦᠷ᠎ᠡ ᠪᠠᠨ ᠥᠨᠦᠴᠢᠷᠡᠭᠦᠯᠵᠤ ᠣᠷᠭᠢᠭᠠᠤᠨ ᠶᠠᠪᠣᠴᠢᠬᠠᠯ᠎ᠠ᠁

ᠵᠠᠶᠠᠭᠠᠨ ᠤ ᠳᠡᠭ᠍ᠷᠢ ᠪᠣᠳᠤᠩᠭ᠋ᠣᠢ᠌ᠷᠠᠵᠤ ᠵᠤᠪᠠᠯᠠᠩ ᠤᠨ ᠳᠠᠯᠠᠢ ᠭᠦᠷᠭᠢᠷᠡᠪᠡ︕ ᠪᠦᠳᠤᠨ ᠰᠡᠭᠦᠭ᠍ᠳᠡᠵᠤ ᠪᠠᠢ᠌ᠭᠰᠡᠨ 《ᠥᠷᠦᠭᠡ》 ᠮᠢᠨᠢ 《ᠳᠤᠭᠤᠨᠤ》 ᠪᠠᠷ ᠶᠢᠡᠨ ᠰᠠᠯᠵᠤ ᠨᠤᠭᠤ ᠣᠴᠢᠴᠢᠬᠠᠯ᠎ᠠ︕

ᠡᠢ᠌ᠮᠦᠷᠭᠦ ᠭᠡᠨᠡᠳᠲᠡ ᠶᠢᠨ ᠴᠤᠭᠢᠯᠳᠠ ᠳᠤ ᠡᠵᠢ ᠮᠢᠨᠢ ᠬᠠᠷᠠᠩᠭ᠋ᠤᠰᠤᠨ ᠣᠨᠠᠵᠤ ᠡᠮᠨᠡᠯᠭᠡ ᠳ᠋ᠤ ᠭᠦᠷᠭᠡᠭ᠍ᠳᠡᠯ᠎ᠡ᠃ ᠴᠦᠭᠦᠮ ᠭᠦ 《ᠳᠠᠩ ᠶᠢᠡᠷ ᠢᠷᠡᠭᠦ ᠵᠤᠪᠠᠯᠠᠩ ᠦᠭᠡᠶ》 ᠭᠡᠭ᠍ᠴᠢ ᠨᠢ᠃ ᠠᠮᠢᠳᠤ ᠪᠠᠷ ᠰᠠᠯᠵᠤ ᠥᠭᠦᠭᠡᠤᠨ ᠬᠠᠭᠠᠴᠠᠬᠤ ᠭᠦᠡᠳᠤ ᠴᠤᠭᠢᠯᠳᠠ ᠳᠤ ᠪᠢ ᠶᠠᠭᠠᠭᠢᠵᠤ ᠬᠠᠳᠠᠭᠤᠵᠢᠵᠤ ᠪᠠᠢ᠌ᠭᠰᠠᠨ ᠴᠤ᠂ ᠡᠪᠠᠦᠡᠴᠢᠳᠡᠢ ᠡᠵᠢ ᠦᠨᠦᠴᠢᠨ ᠦᠷ᠎ᠡ ᠪᠠᠨ ᠬᠠᠷᠡᠭᠠᠳ 《ᠡᠯᠢᠭᠡ ᠨᠢᠴᠠᠷᠠᠨ ᠭᠡᠳᠡᠰᠤ ᠳᠠᠰᠤᠷᠬᠤ》 ᠬᠠᠷ᠎ᠠ ᠳᠠᠮᠤ ᠳᠤ ᠳᠠᠯᠴᠢᠯᠠᠵᠤ ᠭᠠᠷᠦᠯ᠎ᠡ᠃ ᠡᠨᠡ ᠴᠠᠭ ᠡᠴᠡ ᠡᠭᠢᠯᠡᠨ ᠬᠤᠪᠢ ᠵᠠᠶᠠᠭᠠᠨ ᠤ ᠨᠤᠭᠤᠴᠠᠭᠠᠨ ᠳ᠋ᠠᠭᠢ ᠡᠭ᠍ᠴᠡ ᠬᠤᠪᠢᠷᠠᠯᠳᠠ ᠳᠤ ᠪᠢ ᠣᠬᠠᠭᠠᠨ ᠭᠦᠯ ᠶᠢᠡᠨ ᠣᠯᠬᠤ ᠦᠭᠡᠶ ᠮᠡᠨᠡᠭ᠍ᠷᠡᠭᠡᠤᠨ ᠥᠭᠦᠭ᠍ᠰᠡᠨ ᠠᠮᠢᠳᠤ ᠶᠢᠨ ᠬᠤᠭᠤᠷᠤᠠᠳᠤ ᠭᠡᠶ‍ᠦᠷᠡᠵᠤ ᠶᠠᠪᠣᠬᠤ ᠪᠤᠯᠵᠠᠢ᠃ ᠲ᠋ᠡᠭᠡᠭᠦ ᠳᠤ ᠭᠦᠮᠤᠨ ᠭᠡᠭ᠍ᠴᠢ ᠠᠮᠢᠳᠠᠨ ᠴᠢᠨᠢ ᠵᠤᠪᠠᠯᠠᠩ ᠢ ᠳᠠᠭᠠᠭᠠᠬᠤ ᠳᠠᠮᠤᠷ ᠭᠤᠤᠯ ᠲᠡᠶ ᠳᠦᠷᠦᠭ᠍ᠰᠡᠨ ᠪᠠᠢ᠌ᠵᠤ᠂ ᠨᠥᠭ᠍ᠴᠢᠭ᠍ᠰᠡᠳ ᠨᠢ ᠪᠠᠢ᠌ᠳᠠᠭ ᠶᠢᠡᠨ ᠣᠷᠭᠢᠭᠠᠤᠨ ᠶᠠᠪᠣᠬᠤ ᠳᠤ ᠠᠮᠢᠳᠤ ᠥᠯᠡᠳᠡᠭ᠍ᠰᠡᠳ ᠨᠢ ᠠᠯᠢᠪᠠ ᠬᠠᠷᠢᠭᠤᠴᠠᠯᠭ᠎ᠠ ᠶᠢ ᠡᠭᠦᠷᠭᠡᠯᠡᠵᠤ ᠠᠪᠣᠭᠠᠤᠨ ᠥᠭᠦᠨ ᠥᠭᠦᠳᠡᠯ᠎ᠡ ᠪᠠᠨ ᠴᠢᠨᠠᠭᠰᠢ ᠵᠠᠮᠨᠠᠬᠤ ᠭᠡᠷᠡᠭ᠍ᠳᠡᠢ᠃ ᠭᠦᠮᠤᠨ ᠤ ᠠᠮᠢᠳᠤᠷᠠᠯ ᠪᠣᠯ ᠡᠢ᠌ᠮᠦᠷᠭᠦ ᠯᠠ ᠬᠠᠯᠠᠭᠤᠨ ᠭᠦᠢᠳᠡᠨ ᠤ ᠰᠤᠯᠢᠭᠳᠠᠯ᠂ ᠪᠠᠶᠠᠷ ᠵᠤᠪᠠᠯᠠᠩ ᠤᠨ ᠣᠷᠴᠢᠯ ᠳᠤᠮᠳᠠ ᠭᠦᠢ ᠵᠠᠯᠭᠠᠨ ᠭᠤᠯᠤᠮᠳᠠ ᠪᠠᠳᠠᠷᠠᠭᠤᠯᠤᠭᠰᠠᠭᠠᠷ ᠢᠷᠠᠵᠠᠢ᠁

ᠡᠵᠢ᠂ ᠲ᠋ᠢᠳᠡᠮ ᠰᠤᠳᠠᠯ ᠤᠨ ᠬᠠᠳᠠᠭᠤᠷᠠᠯ ᠡᠴᠡ ᠪᠣᠯᠤᠭᠰᠠᠨ ᠵᠢᠷᠦᠭᠡᠨ ᠡᠪᠠᠦᠡᠴᠢᠨ ᠣᠯᠤᠭᠰᠠᠨ ᠶᠢᠡᠷ ᠣᠳᠠᠯ ᠦᠭᠡᠶ ᠡᠮᠨᠡᠯᠭᠡ ᠡᠴᠡ ᠭᠠᠷᠤᠭᠰᠠᠨ ᠪᠣᠯᠪᠠᠴᠤ ᠡᠪᠠᠦᠡᠴᠢᠨ ᠨᠢ ᠪᠠᠢ᠌ᠨ ᠪᠠᠢ᠌ᠨ ᠳᠠᠭᠢᠭᠠᠤᠨ ᠰᠠᠠᠳᠤᠷᠭᠠᠨ᠎ᠠ᠃ ᠪᠢ ᠡᠵᠢ ᠪᠠᠨ ᠡᠮᠨᠡᠭᠦᠯᠤᠨ ᠨᠢᠯᠬᠠᠰ ᠶᠢᠡᠨ ᠳᠤᠳᠤᠮᠳᠠᠬᠤ ᠪᠠᠷ ᠪᠠᠷᠠᠬᠤ ᠦᠭᠡᠶ᠂ ᠮᠠᠯ ᠳᠠᠷᠢᠶᠠᠨ ᠤ ᠠᠵᠢᠯ ᠳᠠᠭᠠᠨ ᠮᠠᠯᠠᠭᠠᠢ ᠠᠪᠬᠤ ᠵᠠᠪ ᠦᠭᠡᠶ ᠭᠦᠶ‍ᠦᠵᠤ᠂ ᠡᠡᠮᠢᠳᠦᠷᠡᠯ ᠤᠨ ᠠᠷᠰᠠᠷ ᠵᠣᠢ᠌ᠯᠠᠰ ᠲᠤ ᠣᠶᠤᠨ ᠳᠠᠷᠢᠭᠢ ᠪᠠᠨ ᠰᠢᠪᠬᠠᠨ᠎ᠡ᠃ ᠢᠩᠭᠢᠭᠡᠤᠨ ᠪᠢ ᠴᠢᠨᠢ ᠵᠤᠭᠰᠤᠯ ᠦᠭᠡᠶ ᠠᠵᠢᠯᠯᠠᠳᠠᠭ ᠮᠠᠰᠢᠨ ᠪᠣᠯᠴᠢᠬᠠᠭᠰᠠᠨ ᠠᠳᠠᠯᠢ ᠰᠠᠨᠠᠭᠳᠠᠵᠤ᠂ ᠠᠮᠢᠳᠤᠷᠠᠯ ᠪᠣᠯ ᠨᠢᠭᠡ ᠶᠤᠰᠤᠨ ᠤ ᠡᠷᠴᠢᠮ ᠢ ᠴᠢᠩᠭ᠋ᠠᠯᠠᠳᠠᠭ 《ᠪᠣᠯᠤᠳ ᠬᠠᠷᠢᠮᠠᠭ》 ᠪᠠᠢ᠌ᠵᠤ᠂ ᠥᠷᠯᠦᠭᠡ ᠨᠢᠳᠤ ᠪᠠᠨ ᠨᠡᠭᠡᠭᠡᠮᠡᠭ᠍ᠴᠡ ᠭᠢᠭᠡᠤᠨ ᠪᠠᠷᠠᠬᠤ ᠦᠭᠡᠶ ᠠᠵᠢᠯ ᠳᠠᠭᠠᠨ ᠰᠠᠷᠭᠢᠭᠤᠯ ᠳᠠᠳᠠᠨ ᠡᠷᠭᠢᠯᠳᠦᠵᠤ᠂ ᠤᠷᠦᠢ ᠣᠷᠤᠨ ᠳᠠᠭᠠᠨ ᠣᠷᠤᠭᠠᠤᠨ ᠭᠡᠪᠳᠡᠭ᠍ᠰᠡᠨ ᠴᠤ ᠮᠠᠷᠭᠠᠰᠢ ᠶᠢᠨ ᠭᠢᠭᠦ ᠠᠵᠢᠯ ᠶᠠᠭ ᠪᠠᠢ᠌ᠴᠠᠭᠠᠯᠳᠠ ᠶᠢ ᠭᠦᠯᠢᠶᠡᠨ ᠡᠩᠨᠡᠨ ᠵᠢᠭᠰᠠᠭᠰᠠᠨ ᠴᠡᠷᠢᠭ᠌ ᠮᠠᠳᠤ ᠮᠦᠷᠯᠠᠨ ᠵᠢᠭ᠍ᠳᠡᠷᠡᠵᠤ᠂ ᠤᠨᠳᠡᠵᠤ ᠪᠠᠢ᠌ᠯ᠎ᠠ ᠴᠤ ᠰᠠᠤᠠᠭᠢᠯ ᠶᠢᠡᠷ ᠠᠮᠠᠷᠠᠬᠤ ᠦᠭᠡᠶ ᠵᠡᠭᠦᠳᠤ ᠪᠠᠷ ᠶᠢᠡᠨ ᠵᠥᠳᠡᠷᠡᠭᠡᠤᠨ᠂ ᠭᠦᠮᠤᠨ ᠤ ᠶ‍ᠢᠷᠳᠢᠠᠴᠤ ᠳᠤ ᠠᠮᠢᠳᠤᠷᠠᠬᠤ ᠨᠢ ᠨᠠᠳᠠᠳᠤ ᠳᠣᠢ᠌ᠯ ᠤᠨ ᠵᠦᠳᠡᠷᠡᠯᠳᠠᠢ ᠰᠠᠨᠠᠭᠳᠠᠪᠠ᠃

ᠠᠢ᠌ᠯ ᠤᠨ ᠨᠢᠭᠡ ᠰᠢᠨ᠎ᠠ ᠪᠠᠷᠢ᠂ ᠨᠠᠮᠤᠷ ᠤᠨ ᠠᠵᠢᠯ ᠳᠤ ᠭᠦᠰᠢᠳᠡᠯ᠎ᠡ ᠪᠠᠨ ᠵᠥᠳᠡᠷᠡᠭᠡᠤᠨ ᠭᠦᠯᠦᠰᠤ ᠪᠠᠨ ᠠᠷᠴᠢᠵᠤ ᠵᠤᠭᠰᠤᠬᠤ ᠳᠠᠭᠠᠨ᠄

《ᠠᠮᠢᠳᠤ ᠶᠠᠪᠣᠬᠤ ᠭᠡᠭ᠍ᠴᠢ ᠰᠠᠢ᠌ᠬᠠᠨ ᠡ᠂ ᠭᠠᠭᠴᠡᠭᠦ ᠠᠮᠢᠳᠤᠷᠠᠬᠤ ᠯᠠ ᠭᠡᠴᠡᠭᠦᠤ︕》 ᠭᠡᠵᠤ ᠳᠠᠭᠤᠨ ᠠᠯᠳᠠᠭᠰᠠᠨ ᠭᠡᠳᠡᠭ᠌᠃


※ ※ ※ ※


ᠪᠦᠳᠤᠨ ᠵᠤᠨ ᠨᠠᠮᠤᠷ ᠳᠤᠭᠤᠯ ᠭᠦᠭᠦᠭᠦᠯᠦᠭ᠍ᠰᠡᠨ ᠴᠠᠪᠢ ᠠᠯᠠᠭ ᠮᠢᠨᠢ ᠡᠪᠦᠯ ᠣᠷᠤᠬᠤ ᠳᠤ ᠡᠴᠡᠵᠤ ᠳᠤᠷᠠᠭᠠᠤᠨ ᠶᠠᠰᠤ ᠠᠷᠠᠰᠤ ᠯᠠ ᠥᠯᠡᠳᠡᠵᠤ᠂ ᠭᠦᠩᠭᠡᠨ ᠰᠠᠯᠭᠢᠨ ᠳᠤ ᠭᠡᠢ᠌ᠰᠦᠮᠡᠷ ᠰᠠᠯᠳᠤᠷᠭᠢᠯᠠᠨ ᠳᠡᠭᠡᠷ᠎ᠡ ᠳᠤᠤᠷ᠎ᠠ ᠭᠢᠰᠭᠢᠵᠤ ᠪᠠᠢ᠌ᠪᠠᠴᠤ ᠬᠤᠶᠠᠷ ᠵᠢᠭᠠᠯ ᠶᠢᠡᠨ ᠰᠠᠨᠠᠬᠤ ᠨᠢ ᠣᠯᠠᠮ ᠭᠡᠴᠡᠭᠦᠤ ᠪᠣᠯᠵᠤ᠂ ᠪᠠᠶ᠎ᠠ ᠡᠴᠡ ᠨᠢ ᠪᠠᠭ᠎ᠠ ᠯᠠ ᠵᠠᠢ᠌ᠳᠠᠭᠰᠠᠭᠠᠷ ᠮᠥᠭᠡᠷᠦᠭᠡᠤᠨ ᠭᠦᠶ‍ᠦᠭᠦ ᠪᠤᠯᠪᠠ᠃ ᠡᠪᠦᠯ ᠤᠨ ᠳᠣᠢ᠌ᠯ ᠤᠨ ᠳᠠᠴᠢᠭᠢᠨᠠᠭᠰᠠᠨ ᠨᠢᠭᠡ ᠭᠦᠢᠳᠡᠨ ᠡᠳᠦᠷ᠂ ᠴᠡᠪᠢ ᠠᠯᠠᠭ ᠮᠢᠨᠢ ᠡᠪᠠᠰᠤ ᠪᠣᠷᠳᠤᠭ᠎ᠠ ᠢᠳᠡᠭᠦ ᠪᠠᠨ ᠳᠠᠭ ᠵᠤᠭᠰᠤᠭᠠᠤᠨ ᠦᠨᠦ ᠬᠤᠶᠠᠷ ᠶᠢᠡᠨ ᠵᠤᠭᠰᠤᠯ ᠦᠭᠡᠶ ᠳᠤᠯᠢᠶᠠᠵᠤ ᠯᠠ ᠪᠠᠢ᠌ᠯ᠎ᠠ᠃ ᠮᠠᠷᠭᠠᠰᠢ ᠥᠷᠯᠦᠭᠡ ᠨᠢ ᠪᠣᠰᠤᠭᠠᠤᠨ ᠥᠵᠡᠭᠦ ᠳᠤ᠂ ᠬᠤᠶᠠᠷ ᠳᠤᠭᠤᠯ ᠤᠨ ᠳᠤᠮᠳᠠ ᠭᠡᠪᠳᠡᠭ᠍ᠰᠡᠨ ᠴᠠᠪᠢ ᠠᠯᠠᠭ ᠦᠨᠢᠶ᠎ᠡ ᠭᠦᠵᠦᠭᠦᠤ ᠪᠠᠨ ᠰᠤᠩᠭ᠋ᠠᠵᠤ ᠥᠭᠦᠭᠡᠤᠨ᠂ ᠨᠢᠳᠤᠨ ᠬᠤᠩᠬᠤᠷ ᠢ ᠨᠢ ᠲᠠᠭᠠᠨ ᠣᠷᠤᠰᠤᠭᠰᠠᠨ ᠨᠢᠯᠪᠣᠰᠤ ᠬᠤᠷᠤᠭᠤ ᠭᠢᠷᠢ ᠭᠦᠷᠪᠠᠢ᠌ᠨ ᠭᠦᠯᠳᠡᠵᠡᠢ᠃ ᠲ᠋ᠡᠷᠡᠪᠠᠷ ᠠᠮᠢ ᠨᠠᠰᠤᠨ ᠤ ᠡᠴᠦᠰ ᠤᠨ ᠮᠦᠴᠡ ᠳᠤ ᠭᠠᠰᠢᠭᠤᠨ ᠣᠰᠤ ᠪᠠᠷ ᠴᠠᠯᠭᠢᠯᠠᠭᠰᠠᠨ ᠶ‍ᠢᠷᠳᠢᠠᠴᠤ ᠶᠢᠨ ᠳᠠᠮᠤ ᠳᠤ ᠨᠢᠭᠡᠮᠦᠰᠤᠨ ᠴᠥᠭᠦᠷᠡᠵᠤ᠂ ᠥᠢ ᠣᠯᠠᠨ ᠬᠠᠢ᠌ᠷᠠᠯᠠᠯᠳᠠᠢ ᠦᠷ᠎ᠡ ᠭᠡᠦᠭᠡᠤᠨ ᠡᠴᠡ ᠪᠠᠨ ᠠᠮᠢᠳᠤ ᠪᠠᠷ ᠰᠠᠯᠵᠤ ᠥᠭᠦᠵᠤ ᠬᠠᠭᠠᠴᠠᠭᠠᠤᠨ ᠰᠠᠤᠠᠭᠢᠯ ᠨᠢ ᠨᠢᠭᠡᠮᠦᠰᠤᠨ ᠭᠦᠷᠦᠭ᠍ᠰᠡᠨ ᠪᠠᠢ᠌ᠯᠳᠠᠢ ᠶᠤᠮᠰᠠᠨ᠃ ᠨᠠᠩ ᠴᠤ ᠦᠨᠦᠴᠢᠨ ᠬᠤᠴᠤᠷᠠᠭᠰᠠᠨ ᠬᠤᠶᠠᠷ ᠳᠤᠭᠤᠯ ᠤᠨ ᠵᠤᠯ ᠪᠣᠰᠤ ᠬᠤᠪᠢ ᠵᠠᠶᠠᠭᠠᠨ ᠳᠤ ᠣᠶᠠᠷᠠᠵᠤ ᠭᠠᠰᠢᠭᠤᠳᠠᠭᠰᠠᠨ ᠢ ᠶᠠᠭᠤᠨ ᠥᠭᠦᠯᠡᠭᠦ᠃ ᠭᠦᠮᠤᠨ ᠮᠠᠯ ᠥᠭᠡᠷ᠎ᠡ ᠦᠦ ᠳ᠋ᠡ᠂ ᠭᠠᠭᠴᠡᠭᠦ ᠦᠷ᠎ᠡ ᠵᠤᠯᠵᠠᠭ᠎ᠠ ᠡᠪᠠᠰᠤ ᠪᠠᠯᠴᠢᠭᠡᠷ ᠡᠴᠡ ᠪᠠᠨ ᠥᠭᠡᠷ᠎ᠡ ᠠᠷᠪᠢᠨ ᠢ ᠰᠠᠤᠠᠭᠢᠵᠤ ᠴᠢᠳᠠᠬᠤ ᠦᠭᠡᠶ ᠯᠠ ᠳᠠᠳᠤᠢ᠃ ᠶ‍ᠢᠷᠳᠢᠠᠴᠤ ᠶᠢᠨ ᠣᠯᠠᠭᠠᠨ ᠳᠤᠭᠤᠰᠤ ᠶᠢ ᠭᠦᠳᠡᠯᠭᠡᠵᠤ᠂ ᠤᠳᠠᠭᠠᠨ ᠵᠢᠯ ᠮᠠᠨ ᠲᠡᠶ ᠵᠢᠷᠭᠠᠯ ᠵᠤᠪᠠᠯᠠᠩ ᠶᠢᠡᠨ ᠬᠠᠮᠳᠤᠤᠠᠬᠠᠵᠤ ᠢᠷᠡᠭ᠍ᠰᠡᠨ ᠴᠠᠪᠢ ᠠᠯᠠᠭ ᠮᠢᠨᠢ ᠢᠩᠭᠢᠭᠡᠤᠨ ᠶᠠᠪᠣᠴᠢᠬᠠᠨ᠎ᠠ ᠭᠡᠵᠤ ᠵᠡᠭᠦᠳᠤᠨ ᠳᠤ ᠣᠷᠤᠭ᠎ᠠ ᠦᠭᠡᠶ ᠶᠠᠪᠣᠭᠰᠠᠨ ᠮᠠᠨ ᠤ ᠭᠡᠷ ᠶᠢᠡᠷ ᠶᠢᠡᠨ ᠵᠢᠷᠦᠭᠡ ᠡᠮᠳᠡᠷᠡᠨ ᠨᠢᠯᠪᠣᠰᠤ ᠣᠨᠠᠭᠠᠵᠤ ᠪᠢᠯᠠ᠃ ᠴᠠᠪᠢ ᠠᠯᠠᠭ ᠭᠡᠳᠥᠪᠠᠷ ᠭᠡᠯᠡ ᠮᠡᠳᠡᠭᠦ ᠦᠭᠡᠶ ᠠᠳᠠᠭᠤᠰᠤ ᠪᠣᠯᠪᠠᠴᠤ᠂ ᠮᠠᠨ ᠤ ᠭᠡᠷ ᠤᠨ ᠨᠢᠭᠡ ᠴᠢᠬᠤᠯᠠ ᠪᠦᠷᠢᠯᠳᠦᠭᠦᠨ ᠪᠣᠯᠴᠢᠬᠠᠭᠰᠠᠨ ᠳᠤᠯᠠ ᠠᠮᠢᠳᠤᠷᠠᠯ ᠢ ᠰᠦᠯᠠᠵᠤ ᠥᠭᠡᠷ ᠤᠨ ᠰᠥᠷᠦᠭ᠌ ᠤᠨ ᠭᠦᠢ ᠶᠢ ᠪᠠᠳᠠᠷᠠᠭᠠᠭᠰᠠᠨ ᠡᠭᠡ ᠮᠠᠯ ᠶᠢᠡᠨ ᠠᠯᠳᠠᠭᠰᠠᠨ ᠬᠤᠳᠠ ᠬᠠᠰᠢᠶ᠎ᠠ ᠨᠢᠭᠡᠯᠡ ᠳᠤᠤᠷ᠎ᠠ ᠡᠵᠡᠭᠦᠢᠷᠡᠭᠡᠤᠨ ᠶᠠᠪᠣᠴᠢᠭᠰᠠᠨ ᠪᠦᠭᠡᠤᠨ ᠭᠡᠷ ᠤᠨ ᠭᠦᠮᠤᠨ ᠤ ᠣᠢ ᠰᠠᠷᠠᠯ ᠳᠤ ᠭᠤᠨᠢᠭ ᠤᠨ ᠮᠠᠨᠠᠨ ᠪᠦᠷᠭᠦᠭ᠍ᠰᠡᠨ ᠪᠠᠢ᠌ᠯ᠎ᠠ᠃

ᠡᠪᠠᠦᠡᠴᠢᠳᠡᠢ ᠡᠵᠢ ᠮᠢᠨᠢ ᠭᠡᠰᠡᠭ᠌ ᠢᠯᠡᠷᠭᠡᠢ᠌ᠰᠢᠨ ᠭᠡᠰᠡᠭ᠌ ᠳᠤᠤᠷᠠᠳᠤᠭᠰᠠᠭᠠᠷ ᠵᠢᠷᠭᠤᠭᠠᠨ ᠵᠢᠯ ᠤᠨ ᠨᠢᠭᠤᠷ ᠢ ᠥᠵᠡᠪᠡ᠃ ᠡᠨᠡ ᠬᠤᠭᠤᠷᠤᠠᠳᠤ ᠣᠷᠢᠯᠠᠵᠤ ᠴᠢᠷᠯᠠᠵᠤ ᠪᠠᠢ᠌ᠭᠰᠠᠨ ᠣᠯᠠᠭᠠᠨ ᠨᠢᠯᠬ᠎ᠠ ᠮᠢᠨᠢ ᠦᠰᠴᠦ ᠳᠤᠮᠤᠭᠠᠷᠠᠭᠠᠤᠨ ᠠᠯᠢᠶ᠎ᠠ ᠳᠡᠭ᠍ᠵᠢᠨ ᠭᠠᠢ᠌ᠬᠠᠯ ᠪᠣᠯᠵᠤ᠂ ᠰᠤᠶᠤᠯ ᠤᠨ ᠮᠦᠷ ᠭᠦᠭᠡᠭᠡᠨ ᠰᠤᠷᠭᠠᠭᠤᠯᠢ ᠳᠤ ᠣᠷᠤᠭᠰᠠᠨ ᠪᠠᠢ᠌ᠨ᠎ᠡ᠃ ᠭᠡᠨᠡᠳᠲᠡ ᠨᠢᠭᠡᠨ ᠡᠳᠦᠷ᠂ ᠪᠢ ᠭᠠᠳᠠᠨᠠᠭᠢ ᠠᠵᠢᠯ ᠶᠢᠡᠨ ᠳᠦᠪᠭᠢᠨᠡᠭᠦᠯᠦᠭᠡᠤᠨ ᠣᠷᠤᠵᠤ ᠢᠷᠡᠭᠦ ᠳᠤ᠂ ᠡᠵᠢ ᠶᠢᠨ ᠴᠢᠷᠠᠢ ᠴᠠᠯ ᠭᠦᠭᠡᠷᠡᠨ ᠰᠢᠳᠤ ᠠᠮᠠ ᠨᠢ ᠵᠠᠭᠤᠷᠠᠴᠢᠭᠰᠠᠨ ᠪᠠᠢ᠌ᠪᠠ᠃ ᠪᠢ ᠳᠤᠤᠷ᠎ᠠ ᠨᠢ ᠬᠤᠰᠢᠭᠤᠨ ᠡᠮᠨᠡᠯᠭᠡ ᠳᠤ ᠭᠦᠷᠭᠡᠭ᠍ᠰᠡᠨ ᠳᠤ ᠨᠢᠭᠡ᠊ᠨᠳᠡ ᠬᠠᠷ᠎ᠠ ᠪᠦᠭᠡᠷᠡᠨ ᠤ ᠥᠭᠦᠵᠢᠯ ᠪᠣᠯᠤᠭᠠᠤᠨ᠂ ᠬᠤᠷᠢᠨ ᠲᠦᠮᠡ ᠲᠡᠶ ᠪᠣᠯ ᠡᠷᠭᠡᠳᠡᠨ ᠰᠤᠯᠢᠬᠤ ᠵᠠᠰᠠᠯ ᠶᠢᠡᠷ ᠠᠮᠢ ᠶᠢ ᠨᠢ ᠠᠪᠣᠷᠠᠵᠤ ᠪᠣᠯᠬᠤ ᠭᠡᠮᠵᠢᠶᠡᠨ ᠳᠤ ᠭᠦᠷᠦᠭ᠍ᠰᠡᠨ ᠪᠠᠢ᠌ᠨ᠎ᠠ᠃ ᠪᠣᠰᠤᠳ ᠭᠦᠮᠤᠨ ᠡᠪᠠᠦᠡᠴᠢᠨ ᠳᠤᠰᠪᠠᠯ ᠬᠤᠪᠢ ᠵᠠᠶᠠᠭ᠎ᠠ ᠪᠠᠨ ᠡᠮᠴᠢ ᠳᠤ ᠳᠠᠭᠠᠤᠠᠬᠠᠳᠠᠭ ᠪᠠᠢ᠌ᠬᠤ ᠳᠤ᠂ ᠪᠢᠳᠠ ᠴᠢᠨᠢ ᠵᠤᠭᠤᠰ ᠮᠥᠩᠭᠦᠨ ᠳᠤ ᠳᠠᠭᠠᠤᠠᠬᠠᠳᠠᠭ ᠪᠤᠯᠵᠤ᠂ ᠡᠪᠠᠦᠡᠴᠢᠨ ᠳᠤᠰᠬᠤ ᠳᠠᠭᠠᠨ ᠳᠠᠩᠳᠠ ᠯᠠ ᠵᠠᠰᠠᠬᠤ ᠳᠤ ᠪᠠᠷᠭᠡᠳᠡᠢ ᠡᠪᠠᠦᠡᠴᠢᠨ ᠣᠯᠬᠤ ᠨᠢ ᠭᠠᠢ ᠳᠡᠭᠡᠷ᠎ᠡ ᠭᠠᠮᠰᠢᠭ ᠪᠣᠯᠳᠠᠭ ᠠᠵᠢ᠃ 《ᠳᠤᠬᠤᠢ ᠵᠤᠵᠠᠭᠠᠨ ᠮᠦᠰᠤ ᠨᠢ ᠭᠠᠭᠴᠠᠬᠠᠨ ᠰᠦᠨᠢ ᠶᠢᠨ ᠭᠦᠢᠳᠡᠨ ᠡᠴᠡ ᠪᠣᠯᠤᠭᠰᠠᠨ ᠪᠢᠰᠢ》 ᠭᠡᠳᠡᠭ᠍ᠴᠢᠯᠡᠨ᠂ ᠡᠴᠦᠨᠡᠨ ᠵᠢᠯ ᠤᠨ ᠳᠤᠷᠰᠢ ᠡᠵᠢ ᠮᠢᠨᠢ ᠳᠤᠳᠤᠷ᠎ᠠ ᠨᠢ ᠶᠠᠭᠠᠭᠢᠵᠤ ᠡᠮᠵᠡᠭᠯᠡᠵᠤ ᠪᠠᠢ᠌ᠭᠰᠠᠨ ᠴᠤ ᠴᠢᠷᠠᠢ ᠳᠡᠭᠡᠷ᠎ᠡ ᠪᠠᠨ ᠢᠯᠡᠷᠡᠭᠦᠯᠦᠯ ᠦᠭᠡᠶ ᠪᠠᠷ ᠰᠢᠳᠤ ᠪᠠᠨ ᠵᠡᠭᠤᠵᠤ᠂ ᠡᠪᠯᠡᠭᠦᠯᠵᠤ ᠪᠣᠯᠬᠤ ᠯᠠ ᠨᠥᠭᠦᠴᠡᠯ ᠳᠤᠤᠷ᠎ᠠ ᠡᠮ ᠳᠤᠮ ᠣᠤᠭᠤᠬᠤ ᠦᠭᠡᠶ ᠴᠢᠨᠡᠭᠡ ᠪᠠᠷ ᠠᠷᠪᠢᠯᠠᠵᠤ ᠪᠠᠢ᠌ᠭᠠᠤᠨ ᠭᠦᠷᠦᠩᠭᠡ ᠮᠠᠯ ᠶᠢᠡᠨ ᠣᠯᠠᠰᠢᠷᠠᠭᠤᠯᠤᠨ ᠬᠤᠶᠠᠷ ᠣᠮᠪᠣᠯ ᠶᠢᠡᠨ ᠳᠤᠭᠢᠳᠠᠢ ᠥᠰᠭᠡᠭᠦ ᠳᠤ ᠣᠶᠤᠨ ᠳᠠᠷᠢᠭᠢ ᠪᠠᠨ ᠰᠢᠪᠬᠠᠭᠰᠠᠨ ᠠᠵᠢ᠃

ᠭᠦᠮᠤᠨ ᠤ ᠪᠠᠶ᠎ᠠ ᠶᠢᠨ ᠬᠤᠤᠷᠳᠤ ᠪᠣᠳᠠᠰ ᠢ ᠢᠯᠭᠠᠷᠠᠭᠤᠯᠵᠤ ᠠᠪᠣᠭᠠᠤᠨ ᠰᠢᠭᠡᠰᠤ ᠪᠠᠷ ᠭᠠᠳᠠᠭᠰᠢᠯᠠᠭᠤᠯᠳᠠᠭ ᠬᠠᠷ᠎ᠠ ᠪᠦᠭᠡᠷ᠎ᠡ ᠠᠵᠢᠯᠯᠠᠬᠤ ᠴᠢᠳᠠᠪᠣᠷᠢ ᠪᠠᠨ ᠠᠯᠳᠠᠭᠰᠠᠭᠠᠷ ᠭᠦᠮᠤᠨ ᠤ ᠪᠦᠭᠦ ᠪᠠᠶ᠎ᠠ ᠳᠤ ᠬᠤᠤᠷᠳᠠᠯ ᠡᠭᠦᠰᠭᠡᠳᠡᠭ᠌ ᠪᠠᠢ᠌ᠨ᠎ᠡ᠃ ᠡᠨᠡ ᠦᠶ᠎ᠡ ᠳᠤ ᠳᠤᠰᠬᠠᠢ ᠳᠦᠭᠦᠭᠡᠷᠦᠮᠵᠢ ᠶᠢ ᠴᠢᠰᠤᠨ ᠰᠤᠳᠠᠯ ᠲᠡᠶ ᠵᠠᠯᠭᠠᠵᠤ᠂ ᠴᠢᠰᠤᠨ ᠳᠤᠳᠤᠷᠠᠭᠢ ᠬᠤᠤᠷ ᠢ ᠱᠥᠭᠦᠵᠤ ᠬᠠᠶᠠᠪᠠᠯ ᠭᠦᠮᠤᠨ ᠢ 3~ 4 ᠡᠳᠦᠷ ᠡᠷᠡᠭᠦᠯ ᠪᠠᠢ᠌ᠳᠠᠯ ᠳᠤ ᠣᠷᠤᠭᠤᠯᠤᠨ᠎ᠠ᠃ ᠭᠠᠷᠠᠭ ᠪᠦᠷᠢ ᠡᠢ᠌ᠮᠤ ᠵᠠᠰᠠᠯ ᠢ ᠬᠤᠶᠠᠷ ᠣᠳᠠᠭ᠎ᠠ ᠭᠢᠪᠠᠯ ᠠᠮᠢ ᠨᠠᠰᠤ ᠶᠢ ᠭᠡᠳᠤᠨ ᠵᠢᠯ ᠣᠷᠳᠤᠤᠠᠬᠠᠵᠤ ᠪᠤᠯᠤᠨ᠎ᠠ᠂ ᠭᠡᠪᠠᠴᠤ ᠬᠤᠰᠢᠭᠤᠨ ᠡᠮᠨᠡᠯᠭᠡ ᠶᠢᠨ ᠬᠤᠷᠢᠶᠠᠨ ᠡᠴᠡ ᠵᠠᠭᠤ ᠵᠢᠷᠠᠨ ᠭᠠᠵᠠᠷ ᠵᠠᠢ ᠲᠡᠶ ᠪᠢᠳᠠᠨ ᠳᠤ ᠡᠢ᠌ᠮᠤ ᠵᠠᠰᠠᠯ ᠭᠢᠭᠦ ᠶᠢᠨ ᠪᠤᠯᠦᠮᠵᠢ ᠥᠭᠡᠢ᠃ ᠡᠭᠦᠨ ᠡᠴᠡ ᠥᠭᠡᠷ᠎ᠡ ᠪᠠᠰᠠ ᠨᠢᠭᠡ 《ᠨᠡᠪᠴᠢᠭᠦᠯᠭᠦ ᠵᠡᠰᠡᠯ》 ᠭᠡᠵᠤ ᠪᠠᠢ᠌ᠨ᠎ᠠ᠃ ᠲ᠋ᠠᠷᠠ ᠨᠢ ᠡᠪᠠᠦᠡᠴᠢᠳᠡᠨ ᠤ ᠭᠦᠢᠰᠤᠨ ᠭᠡᠰᠡᠭ᠌ ᠲᠤ ᠣᠭᠳᠤᠯᠵᠤ ᠭᠡᠳᠡᠰᠤᠨ ᠤ ᠭᠠᠳᠠᠭᠤᠷᠭᠢ ᠰᠠᠮᠡᠵᠠᠨ ᠥᠭᠡᠭᠦᠨ ᠳᠡᠭᠡᠷ᠎ᠡ ᠨᠢᠭᠡᠨ ᠰᠡᠢ᠌ᠮᠡᠭᠡᠢ ᠳᠠᠪᠠᠭ ᠣᠭᠰᠠᠷᠠᠵᠤ ᠭᠤᠮ ᠬᠤᠭᠤᠯᠠᠢ ᠪᠠᠷ ᠭᠠᠳᠠᠭᠰᠢ ᠵᠡᠯᠭᠠᠨ᠎ᠡ᠃ ᠲ᠋ᠡᠭᠡᠭᠡᠤᠨ ᠡᠨᠡ ᠬᠤᠭᠤᠯᠠᠢ ᠪᠠᠷ ᠣᠳᠠᠭ᠎ᠠ ᠪᠦᠷᠢ ᠨᠢ᠋ᠮᠠᠨ ᠵᠢᠩ ᠣᠰᠤᠨ ᠡᠮ ᠭᠢᠵᠤ ᠣᠷᠤᠭᠤᠯᠤᠭᠠᠤᠨ ᠭᠡᠳᠤᠨ ᠴᠠᠭ ᠤᠨ ᠳᠠᠷᠠᠭ᠎ᠠ ᠳᠠᠯᠪᠢᠨ ᠭᠠᠷᠭᠠᠳᠠᠭ᠃ ᠡᠨᠡ ᠨᠢ ᠪᠣᠵᠠᠷ ᠬᠤᠪᠴᠠᠰᠤ ᠶᠢ ᠵᠠᠢ᠌ᠯᠤᠨ ᠣᠭᠠᠬᠤ ᠲᠡᠶ ᠮᠠᠰᠢ ᠳᠦᠰᠦᠭᠡᠳᠡᠢ ᠪᠠᠢ᠌ᠵᠤ᠂ ᠭᠢᠭᠦ ᠶᠠᠪᠣᠴᠠ ᠤ ᠶᠡᠭᠡ ᠳᠦᠪᠠᠭ᠍ᠳᠡᠢ᠂ ᠡᠡᠷᠢᠭᠤᠳᠭᠠᠬᠤ ᠠᠵᠢᠯ ᠳᠤ ᠬᠠᠯᠳᠤ ᠡᠪ ᠥᠭᠡᠢ᠌ᠳᠡᠭ᠍ᠰᠡᠭᠡᠷ ᠰᠢᠭᠤᠳ ᠪᠠᠺᠲ᠋ᠸᠷᠢ ᠬᠠᠯᠳᠠᠪᠣᠷᠢᠯᠠᠬᠤ ᠡᠡᠶ‍ᠦᠯᠳᠡᠢ᠃ ᠲ᠋ᠡᠭᠡᠪᠠᠴᠤ ᠡᠨᠡ ᠪᠠᠭ᠎ᠠ ᠭᠦᠴᠢᠷ ᠨᠠᠮᠠᠶ᠋ᠢ ᠠᠶᠤᠯᠭᠠᠵᠤ ᠴᠢᠳᠠᠭᠰᠠᠨ ᠦᠭᠡᠶ᠂ ᠭᠡᠳᠤᠨ ᠡᠳᠦᠷ ᠰᠤᠪᠢᠯᠠᠭᠴᠢ ᠶᠢ ᠲᠠᠭᠠᠨ ᠰᠤᠷᠴᠤ ᠠᠪᠣᠭᠠᠤᠨ ᠭᠡᠷ ᠲᠡᠭᠡᠨ ᠬᠠᠷᠢᠭᠠᠤᠨ ᠦᠪᠡᠷ ᠶᠢᠡᠨ ᠵᠠᠰᠠᠯ ᠶᠢᠡᠨ ᠥᠷᠭᠦᠯᠵᠢᠯᠡᠭᠦᠯᠦᠭᠡᠤᠨ ᠡᠵᠢ ᠶᠢᠨ ᠠᠮᠢ ᠨᠠᠰᠤ ᠶᠢ ᠵᠢᠯ ᠢᠯᠡᠭᠦᠤ ᠬᠤᠭᠤᠴᠠᠭ᠎ᠠ ᠪᠠᠷ ᠣᠷᠳᠤᠤᠠᠬᠠᠭᠰᠠᠨ ᠪᠠᠢ᠌ᠨ᠎ᠠ᠃ ᠬᠠᠮᠤᠭ ᠡᠴᠦᠰ ᠳᠤᠨᠢ ᠡᠨᠡ ᠵᠠᠰᠠᠯ ᠳᠤᠰᠠ ᠪᠣᠯᠬᠤ ᠦᠭᠡᠶ ᠪᠤᠯᠵᠤ᠂ ᠡᠵᠢ ᠮᠢᠨᠢ ᠡᠪᠠᠦᠡᠴᠢᠳᠡᠨ ᠤ ᠣᠷᠤ ᠳᠡᠭᠡᠷ᠎ᠡ ᠡᠴᠦᠰ ᠤᠨ ᠠᠮᠢᠰᠬᠤᠯ ᠶᠢᠡᠨ ᠳᠠᠮᠠᠴᠠᠵᠤ ᠪᠠᠢ᠌ᠬᠤ ᠳᠠᠭᠠᠨ ᠬᠤᠶᠠᠷ ᠦᠨᠦᠴᠢᠨ ᠭᠡᠦᠭᠡᠤᠨ ᠤᠨ ᠳᠦᠯᠦᠭᠡ ᠵᠤᠪᠠᠵᠤ᠂ ᠪᠠᠰᠠ ᠳᠠᠪᠤᠨ ᠵᠢᠯ ᠡᠷᠡᠭᠦᠯ ᠶᠠᠪᠣᠵᠤ ᠪᠠᠢ᠌ᠭᠰᠠᠨ ᠪᠣᠯ ᠬᠤᠶᠠᠷ ᠣᠮᠪᠣᠯ ᠶᠢᠡᠨ ᠪᠠᠶ᠎ᠠ ᠪᠠᠨ ᠳᠠᠭᠠᠭᠠᠵᠤ ᠠᠮᠢᠳᠤᠷᠠᠬᠤ ᠭᠡᠮᠵᠢᠶᠡᠨ ᠳᠤ ᠭᠦᠷᠭᠡᠵᠤ ᠳᠠᠢ᠌ᠯᠤᠨ᠎ᠠ ᠭᠡᠵᠤ ᠪᠠᠢ᠌ᠨ ᠳᠠᠭᠢᠨ ᠰᠠᠨᠠᠭ᠎ᠠ ᠠᠯᠭᠠᠰᠴᠤ᠂ ᠠᠮᠢᠰᠬᠤᠯ ᠬᠤᠷᠢᠶᠠᠳᠠᠯ᠎ᠠ ᠪᠠᠨ ᠨᠢᠯᠪᠣᠰᠤ ᠴᠤᠪᠣᠷᠢᠭᠤᠯᠵᠤ ᠪᠠᠢ᠌ᠯ᠎ᠠ᠁

ᠡᠵᠢ ᠮᠢᠨᠢ ᠶᠠᠪᠣᠴᠢᠬᠠᠯ᠎ᠠ᠂ ᠴᠠᠪᠢ ᠠᠯᠠᠭ ᠠᠳᠠᠯᠢ ᠨᠢᠳᠤᠨ ᠳᠡᠭᠡᠨ ᠨᠢᠯᠪᠣᠰᠤ ᠲᠡᠶ ᠶᠠᠪᠣᠴᠢᠬᠠᠯ᠎ᠠ᠃ ᠪᠢ ᠬᠤᠶᠠᠷ ᠭᠦᠤ ᠲᠡᠶ ᠪᠠᠨ ᠣᠷᠤᠰᠬᠤ ᠨᠢᠯᠪᠣᠰᠤ ᠪᠠᠨ ᠥᠶᠡᠷᠯᠡᠭᠦᠯᠤᠨ ᠣᠷᠠᠭᠳᠠᠬᠤ ᠵᠢᠷᠦᠭᠡ ᠪᠠᠨ ᠪᠠᠵᠠᠯᠭᠢᠯᠠᠭᠰᠠᠭᠠᠷ ᠦᠨᠦᠴᠢᠷᠠᠵᠤ ᠬᠤᠴᠤᠷᠤᠯ᠎ᠠ᠁

ᠨᠠᠮᠢ᠋ᠢ ᠣᠬᠠᠭᠠᠨ ᠳᠦᠭᠦᠭᠡ ᠣᠷᠤᠭᠰᠠᠨ ᠡᠴᠡ ᠠᠪᠣᠭᠠᠤᠨ ᠨᠢᠳᠤᠨ ᠳᠤ ᠬᠠᠷᠠᠭᠳᠠᠭᠰᠠᠨ ᠡᠵᠢ ᠶᠢᠨ ᠳᠦᠷᠢ ᠪᠣᠯ ᠦᠷ᠎ᠡ ᠭᠡᠦᠭᠡᠤᠨ ᠡᠴᠡ ᠪᠠᠨ ᠥᠭᠡᠷ᠎ᠡ ᠶᠠᠭᠤ ᠴᠤ ᠪᠣᠳᠤᠵᠤ ᠥᠵᠡᠭᠡ ᠦᠭᠡᠶ᠂ ᠲ᠋ᠡᠭᠦᠨ ᠤ ᠠᠮᠢᠳᠤᠷᠠᠵᠤ ᠪᠠᠢ᠌ᠭ᠎ᠠ ᠨᠢ ᠴᠤ ᠬᠣᠢ᠌ᠴᠢᠰ ᠤᠨ ᠶᠢᠡᠨ ᠳᠦᠯᠦᠭᠡ᠂ ᠴᠢᠨᠠᠭᠰᠢᠯᠡᠭᠠᠳ ᠦᠷ᠎ᠡ ᠶᠢᠨ ᠦᠷ᠎ᠡ ᠣᠮᠪᠣᠯ ᠤᠨ ᠶᠢᠡᠨ ᠳᠦᠯᠦᠭᠡ ᠪᠠᠢ᠌ᠳᠠᠭ ᠶᠤᠮ ᠪᠠᠢ᠌ᠨ᠎ᠠ᠃ ᠨᠠᠮᠢ᠋ᠢ ᠭᠤᠴᠢ ᠭᠠᠷᠤᠭᠰᠠᠨ ᠤ ᠳᠠᠷᠠᠭ᠎ᠠ ᠴᠤ ᠭᠠᠳᠠᠭᠰᠢ ᠭᠠᠷᠤᠭᠠᠤᠨ ᠣᠷᠣᠢ᠌ᠳᠠᠵᠤ ᠢᠷᠡᠭᠦ ᠪᠣᠯᠭᠠᠨ ᠬᠣᠢ᠌ᠨ᠎ᠠ ᠡᠴᠡ ᠰᠠᠨᠠᠭ᠎ᠠ ᠵᠤᠪᠠᠵᠤ᠂ ᠠᠢ᠌ᠯ ᠤᠨ ᠠᠬ᠎ᠠ ᠳᠡᠭᠦᠦᠨᠡᠷ ᠢ ᠳᠠᠭᠤᠳᠠᠨ ᠬᠣᠢ᠌ᠨ᠎ᠠ ᠡᠴᠡ ᠡᠷᠢᠭᠦᠯᠭᠦ ᠪᠠᠷ ᠰᠣᠢ᠌ᠤᠨ ᠪᠣᠯᠤᠨ᠎ᠠ᠃ ᠪᠠᠭ᠎ᠠ ᠯᠠ ᠳᠠᠭᠰᠢᠭᠤᠷᠳᠠᠵᠤ ᠬᠠᠯᠠᠭᠤᠷᠠᠬᠤ ᠪᠦᠷᠢ ᠰᠦᠨᠢ ᠳᠤᠵᠢ ᠵᠢᠩ ᠪᠠᠷᠢᠬᠤ ᠦᠭᠡᠶ ᠪᠣᠯ ᠡᠮ ᠣᠤᠭᠤᠯᠭᠠᠬᠤ ᠭᠡᠤᠨ ᠳᠡᠪᠵᠢᠶᠡᠷᠡᠴᠢᠭᠡᠨ᠎ᠡ᠃ ᠡᠵᠢ ᠶᠢᠨ ᠬᠠᠢ᠌ᠷ᠎ᠠ ᠶᠠᠷᠤᠨᠢ ᠬᠠᠳᠠᠰᠢ ᠦᠭᠡᠶ ᠬᠠᠨᠠᠭᠠᠷ ᠳᠠᠯᠠᠢ ᠰᠢᠭ ᠴᠠᠯᠭᠢᠯᠠᠨ ᠦᠷ᠎ᠡ ᠨᠢ ᠪᠣᠯᠤᠭᠰᠠᠨ ᠪᠢᠳᠠᠨᠤᠰ ᠲᠤ ᠡᠳ᠋ᠯᠡᠭᠡᠤᠨ ᠪᠠᠷᠠᠬᠤ ᠦᠭᠡᠶ ᠠᠮᠢᠵᠢᠷᠠᠯ ᠤᠨ ᠷᠠᠰᠢᠶᠠᠨ ᠪᠣᠯᠵᠤ᠂ ᠬᠠᠳᠠᠵᠤ ᠭᠠᠩᠳᠠᠭᠰᠠᠨ ᠡᠮᠵᠡᠭᠯᠡᠩᠭᠦᠢ ᠰᠠᠤᠠᠭᠢᠯ ᠢ ᠴᠠᠭ ᠢᠮᠠᠭᠳᠠ ᠣᠮᠳᠠᠯᠠᠵᠤ ᠪᠠᠢ᠌ᠳᠠᠭ ᠡ᠃ ᠨᠡᠮᠢ᠋ᠢ ᠵᠤᠪᠠᠯᠠᠩ ᠳᠠᠭᠠᠷᠢᠵᠤ ᠮᠥᠩᠭᠦᠨ ᠤ ᠪᠠᠳᠢᠷ ᠭᠤᠶᠤᠭᠠᠤᠨ ᠣᠯᠬᠤ ᠦᠭᠡᠶ ᠭᠠᠴᠢᠭᠳᠠᠵᠤ ᠪᠠᠢ᠌ᠬᠤ ᠳᠠᠭᠠᠨ ᠠᠬ᠎ᠠ ᠳᠡᠭᠦᠤ ᠰᠠᠳᠤᠨ ᠢ 《ᠡᠨᠡᠷᠢᠯ ᠦᠭᠡᠶ》 ᠭᠡᠵᠤ ᠵᠠᠨᠤᠬᠤ ᠥᠶᠡᠰ᠂ ᠡᠵᠢ ᠮᠢᠨᠢ ᠨᠠᠳᠠᠳᠤ 《ᠳᠠᠳᠠᠨᠤᠰ ᠭᠡᠤᠨ ᠠᠮᠠᠷ ᠦᠭᠡᠶ ᠰᠢᠤ᠂ ᠪᠣᠰᠤᠳ ᠤᠨ ᠭᠦᠴᠢᠷ ᠢ ᠢᠯᠡᠭᠦᠭᠡᠨ ᠥᠢᠯᠭ᠎ᠠ》 ᠭᠡᠵᠤ ᠰᠤᠷᠭᠠᠳᠠᠭ ᠪᠠᠢ᠌ᠭᠰᠠᠨ ᠶᠤᠮ᠃ ᠦᠨᠡᠨ ᠳᠡᠭᠡᠨ ᠦᠷᠢᠰᠤᠯ ᠳᠡᠮᠡᠴᠡᠭᠡᠨ ᠶᠢᠡᠷ ᠳᠦᠭᠦᠷᠦᠭ᠍ᠰᠡᠨ ᠡᠨᠡ ᠡᠷᠢᠶᠡᠨ ᠬᠤᠷᠸ᠎ᠠ ᠳᠤ᠂ ᠭᠦᠮᠤᠨ ᠪᠦᠭᠦᠨ ᠣᠷᠤᠰᠢᠨ ᠳᠤᠭᠳᠠᠨᠢᠬᠤ ᠰᠥᠷᠳᠡᠭᠦᠯᠦᠯ ᠳᠤᠮᠳᠠ ᠣᠷᠤᠩᠨᠠᠵᠤ᠂ ᠬᠤᠪᠢ ᠶᠢᠨ ᠵᠢᠵᠢᠭ᠌ ᠠᠮᠢᠳᠤᠷᠠᠯ ᠶᠢᠡᠨ ᠳᠦᠩᠭᠡᠵᠤ ᠪᠠᠢ᠌ᠳᠠᠭ ᠡᠴᠡ ᠪᠣᠰᠤᠳ ᠢ ᠳᠤᠰᠠᠯᠠᠬᠤ ᠳᠡᠩᠭᠡᠭᠡ ᠳᠠᠮᠢᠷ ᠭᠡᠵᠤ ᠳᠣᠢ᠌ᠯ ᠤᠨ ᠬᠤᠮᠰᠠ ᠪᠠᠢ᠌ᠵᠤ ᠳᠠᠭᠠᠷᠠᠨ᠎ᠠ᠃ ᠮᠢᠨᠤ ᠦᠪᠡᠷ ᠤᠨ ᠪᠠᠶ᠎ᠠ ᠪᠠᠷ ᠵᠢᠱᠢᠶᠡᠯᠡᠭᠦ ᠳᠤ᠂ ᠬᠤᠪᠢ ᠶᠢᠨ ᠵᠢᠵᠢᠭ᠌ ᠠᠮᠢᠳᠤᠷᠠᠯ ᠭᠡᠤᠨ ᠥᠭᠦᠯᠳᠡᠭ᠍ᠰᠡᠨ ᠡᠴᠡ ᠪᠢᠰᠢ ᠪᠣᠰᠤᠳ ᠤᠨ ᠡᠪᠠᠦᠡᠴᠤ ᠵᠤᠪᠠᠬᠤ ᠶᠠᠪᠣᠳᠠᠯ ᠳᠤ ᠥᠴᠦᠭᠡᠨ ᠴᠤ ᠰᠠᠤᠠᠭᠢᠯ ᠴᠢᠯᠡᠭᠡᠭ᠍ᠰᠡᠨ ᠦᠭᠡᠶ ᠪᠠᠷ ᠪᠠᠷᠠᠬᠤ ᠦᠭᠡᠶ᠂ ᠰᠤᠬᠤᠷ ᠵᠤᠭᠤᠰᠤᠨ ᠤ ᠳᠤᠰᠠᠯᠠᠮᠵᠢ ᠥᠵᠡᠭᠦᠯᠦᠭ᠍ᠰᠡᠨ ᠦᠭᠡᠶ ᠪᠠᠢ᠌ᠭᠠᠤᠨ᠂ ᠦᠪᠡᠷ ᠤᠨ ᠪᠠᠶ᠎ᠠ ᠳᠤ ᠭᠦᠴᠢᠷᠳᠡᠯ ᠳᠤᠯᠭᠠᠷᠠᠬᠤ ᠪᠦᠷᠢ ᠪᠣᠰᠤᠳ ᠤᠨ ᠵᠥᠭ᠌ ᠭᠠᠷ ᠰᠠᠷᠪᠠᠢ᠌ᠳᠠᠭ ᠨᠢ ᠬᠤᠪᠢᠠᠴᠢᠷ ᠬᠤᠪᠳᠤᠭ ᠤᠨ ᠳᠣᠢ᠌ᠯ ᠪᠠᠢ᠌ᠵᠠᠢ ᠳ᠋ᠧ᠃ ᠪᠤᠷᠦᠭᠤ ᠶᠢ ᠪᠣᠰᠤᠳ ᠡᠴᠡ ᠡᠷᠢᠭᠦ ᠮᠠᠭᠤ ᠵᠠᠩ ᠶᠢᠡᠨ ᠬᠠᠯᠠᠵᠤ ᠳᠡᠢ᠌ᠯᠭᠦ ᠦᠭᠡᠶ ᠪᠣᠯ ᠵᠢᠩᠭᠢᠨᠢ ᠭᠦᠮᠤᠨ ᠪᠣᠯᠵᠤ ᠳᠡᠢ᠌ᠯᠭᠦ ᠦᠭᠡᠶ ᠨᠢ᠃

ᠪᠢᠳᠠ ᠭᠡᠷᠪᠡ ᠡᠨᠡᠷᠢᠯ ᠶᠡᠭᠡᠳᠡᠢ ᠡᠭᠡ ᠶᠢᠨ ᠬᠠᠢ᠌ᠷ᠎ᠠ ᠶᠢ ᠭᠠᠵᠠᠷᠳᠠᠭᠤᠯᠤᠯ ᠦᠭᠡᠶ ᠦᠪᠯᠠᠨ ᠵᠠᠯᠭᠠᠮᠵᠢᠯᠠᠵᠤ ᠡᠩ ᠳᠡᠯᠡᠭᠡᠢ ᠶᠢᠨ ᠬᠤᠪᠢᠳᠠᠭᠰᠠᠨ ᠪᠣᠯᠭᠠᠨ ᠳᠤ ᠨᠢᠭᠡᠨ ᠬᠤᠪᠢ ᠶᠢᠨ ᠬᠠᠯᠠᠮᠵᠢ ᠭᠦᠷᠳᠡᠭᠡᠳᠡᠭ᠌ ᠲᠤ ᠭᠦᠷᠪᠠᠯ ᠡᠨᠡ ᠪᠠᠷᠠᠭᠠᠨ ᠬᠤᠷᠸ᠎ᠠ ᠯᠠᠪᠳᠠᠢ ᠬᠠᠢ᠌ᠷ᠎ᠠ ᠪᠠᠷ ᠴᠠᠯᠭᠢᠯᠠᠵᠤ ᠵᠢᠷᠭᠠᠯ ᠶᠢᠡᠷ ᠪᠢᠯᠬᠠᠷᠠᠬᠤ ᠨᠢ ᠡ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 8777
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ