ᠨᠡᠪᠲᠡᠷᠡᠨ ᠤᠷᠤᠬᠤ
ᠬᠤᠶᠠᠳᠤᠭᠠᠷ ᠪᠦᠯᠦᠭ ᠂ ᠮᠡᠳᠡᠯᠭᠡ ᠪᠤᠯ ᠬᠦᠴᠦᠨ ᠮᠦᠨ
ᠵᠢᠷᠭᠤᠳᠤᠭᠠᠷ ᠬᠡᠰᠡᠭ ᠂ ᠰᠤᠷᠬᠤ ᠶᠢᠨ ᠳᠠᠢ᠌ᠰᠤᠨ

ᠠᠭᠤᠤ ᠶᠡᠭᠡ ᠭᠦᠮᠤᠨ ᠤ ᠠᠯᠢᠨ ᠴᠤ ᠭᠡᠤᠨ ᠢᠨᠠᠭ ᠳᠤᠷᠠᠯᠠᠯ ᠤᠨ ᠪᠦᠳᠦᠷᠡᠯ ᠡᠴᠡ ᠪᠣᠯᠵᠤ ᠰᠤᠯᠢᠶᠠᠷᠠᠭᠰᠠᠨ ᠦᠭᠡᠶ ᠶᠤᠮ᠃ ᠣᠴᠢᠷ ᠨᠢ᠂ ᠠᠭᠤᠤ ᠶᠡᠭᠡ ᠭᠦᠰᠡᠯᠡᠩ ᠨᠢ ᠳᠡᠭᠦᠨ ᠤ ᠪᠠᠭᠤᠷᠠᠢ ᠰᠡᠳᠬᠢᠯᠭᠡ ᠶᠢ ᠢᠯᠠᠨ ᠳᠠᠪᠠᠵᠤ ᠴᠢᠳᠠᠨ᠎ᠠ᠃


᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠧᠢ᠌ᠺᠧᠨ


《ᠮᠠᠨ ᠤ ᠠᠩᠭᠢ ᠳᠤ ᠨᠠᠲ᠋ᠠᠱᠠ ᠭᠡᠰᠡᠨ ᠣᠷᠤᠰ ᠦᠬᠢᠨ ᠢᠷᠠᠵᠠᠢ᠂ ᠮᠠᠭᠤᠬᠠᠨ ᠮᠤᠩᠭ᠋ᠤᠯ ᠭᠡᠯᠡ ᠲᠡᠶ᠂ ᠭᠢᠳᠠᠤᠨ ᠭᠡᠯᠡ ᠶᠢ ᠬᠠᠷᠢᠨ ᠣᠪᠣᠭ᠎ᠠ ᠵᠥᠭᠡᠷ ᠶᠠᠷᠢᠬᠤ ᠶᠤᠮ ᠡ》 ᠬᠤᠶᠠᠷ ᠨᠢᠳᠤ ᠨᠢ ᠴᠤᠭᠳᠠᠢ ᠭᠢᠯᠠᠯᠵᠠᠭᠰᠠᠨ ᠪᠢᠯᠢᠭ᠌ ᠭᠦᠤ᠂ ᠬᠤᠭᠤᠯᠠᠨ ᠰᠢᠷᠡᠭᠡᠨ ᠳᠡᠭᠡᠷ᠎ᠡ ᠡᠴᠢᠭᠡ ᠡᠭᠡ ᠳᠡᠭᠡᠨ ᠭᠠᠢ᠌ᠬᠠᠭᠤᠯᠬᠤ ᠶᠤᠮ᠃

《ᠮᠠᠨ ᠤ ᠮᠤᠩᠭ᠋ᠤᠯ ᠭᠡᠯᠡ ᠳᠡᠯᠡᠭᠡᠢ ᠳᠠᠶᠠᠭᠠᠷ ᠤᠨ ᠠᠩᠬᠠᠷᠤᠯ ᠢ ᠳᠠᠳᠠᠵᠤ ᠪᠠᠢ᠌ᠭ᠎ᠠ ᠶᠤᠮ ᠴᠢᠨᠢ ᠰᠤᠷᠤᠯᠴᠠᠬᠤ ᠭᠦᠮᠤᠨ ᠶᠠᠭᠤᠨᠠᠢ ᠮᠤᠩᠳᠠᠬᠤ ᠡᠡᠵᠢ》 ᠭᠡᠵᠤ ᠡᠴᠢᠭᠡ ᠨᠢ ᠳᠤᠷᠠᠮᠵᠢᠬᠠᠨ ᠶᠡᠷᠢᠪᠡ᠃ ᠪᠢᠯᠢᠭ᠌ ᠤᠨ ᠨᠢᠳᠤᠨ ᠳᠤ ᠰᠤᠭᠤ ᠰᠢᠭ ᠰᠤᠭᠳᠣᠢ᠌ᠭᠰᠠᠨ ᠦᠨᠳᠦᠷ ᠪᠠᠶ᠎ᠠ᠂ ᠬᠤᠷᠠᠭᠠᠯᠵᠢᠨ ᠰᠢᠷᠭᠠᠯ ᠭᠡᠵᠢᠭᠡ᠂ ᠲ᠋ᠤᠷᠭᠠᠨ ᠳᠠᠯ᠎ᠠ ᠶᠢᠨ ᠭᠦᠨ ᠪᠦᠷᠢᠳᠤ ᠰᠢᠭ᠌ ᠴᠡᠩᠭᠡᠷ ᠨᠢᠳᠤ ᠭᠦᠳᠡᠯᠭᠡᠭᠡᠡᠳᠤ ᠵᠢᠷᠤᠭ ᠮᠠᠳᠤ ᠳᠤᠮᠤᠷᠠᠨ ᠪᠦᠷᠳᠡᠯᠵᠡᠭᠦ ᠳᠤ᠂ ᠬᠠᠢ᠌ᠷ᠎ᠠ ᠳᠤᠷᠠᠯᠠᠯ ᠤᠨ ᠣᠯᠠᠭᠠᠨ ᠰᠢᠵᠢᠮ ᠵᠢᠷᠦᠭᠡ ᠶᠢ ᠨᠢ ᠠᠷᠭ᠎ᠠ ᠦᠭᠡᠶ ᠳᠤᠤᠷᠯᠠᠭᠠᠤᠨ ᠠᠪᠣᠭᠰᠠᠨ ᠨᠢ ᠴᠢᠨᠦᠷᠡᠭ᠍ᠰᠡᠨ ᠣᠯᠠᠭᠠᠨ ᠴᠢᠷᠠᠢ ᠳᠡᠭᠡᠷ᠎ᠡ ᠡᠴᠡ ᠨᠢ ᠳᠤᠳᠤᠬᠠᠨ ᠬᠠᠷᠠᠭᠳᠠᠨ᠎ᠠ᠃ ᠪᠢᠯᠢᠭ᠌ ᠭᠦᠤ᠂ ᠥᠳᠡ ᠶᠢᠨ ᠬᠤᠭᠤᠯᠠ ᠪᠠᠨ ᠬᠠᠯᠳᠤ ᠮᠦᠯᠳᠤ ᠢᠳᠡᠮᠡᠭ᠍ᠴᠡ ᠰᠤᠷᠭᠠᠭᠤᠯᠢ ᠥᠭᠡᠳᠡ ᠪᠠᠨ ᠳᠡᠪᠭᠡᠷᠤᠨ ᠭᠦᠶ‍ᠦᠵᠡᠢ᠃

ᠢᠩᠭᠢᠭᠡᠤᠨ ᠨᠢᠭᠡ ᠰᠠᠷ᠎ᠠ ᠪᠣᠯᠤᠯ ᠦᠭᠡᠶ᠂ ᠪᠢᠯᠢᠭ᠌ ᠭᠦᠤ ᠭᠡᠷ ᠲᠡᠭᠡᠨ ᠦᠳᠡ ᠶᠢᠨ ᠬᠤᠭᠤᠯᠠ ᠢᠳᠡᠭᠦ ᠨᠢ ᠴᠥᠭᠡᠷᠡᠵᠤ᠂ ᠵᠡᠷᠢᠮ ᠣᠷᠤᠢ ᠳᠠᠭᠠᠨ ᠰᠦᠨᠢ ᠳᠦᠯᠢ ᠥᠩᠭᠡᠷᠡᠭᠡᠤᠨ ᠰᠠ‍‌ᠶᠢ ᠢᠷᠡᠭᠦ ᠪᠤᠯᠪᠠ᠃ ᠡᠨᠡ ᠦᠶ᠎ᠡ ᠳᠤ ᠡᠴᠢᠭᠡ ᠡᠭᠡ ᠨᠢ ᠰᠠ‍‌ᠶᠢ ᠣᠴᠢᠷ ᠶᠠᠪᠣᠳᠠᠯ ᠭᠦᠡᠳᠤ ᠨᠤᠴᠢᠳᠠᠢ ᠪᠣᠯᠤᠭᠰᠠᠨ ᠢ ᠮᠡᠳᠡᠵᠤ᠂ ᠭᠦᠤ ᠲᠡᠶ ᠪᠠᠨ ᠡᠪᠳᠡᠢ ᠭᠡᠯᠡᠯᠴᠡᠭᠦ ᠪᠠᠷ ᠪᠣᠯᠵᠠᠢ᠃ ᠢᠩᠭᠢᠳᠠᠯ᠎ᠠ ᠭᠦᠤ ᠨᠢ ᠳᠤᠩ ᠭᠤᠶᠤᠬᠠᠨ ᠣᠷᠤᠰ ᠳᠤᠷᠠᠨ ᠠᠪᠴᠢᠷᠠᠵᠤ ᠡᠴᠢᠭᠡ ᠳᠡᠭᠡᠨ ᠥᠭ᠍ᠴᠤ :

《ᠮᠡᠢ᠂ ᠡᠭᠦᠨ ᠢ ᠨᠠᠲ᠋ᠠᠱᠠ ᠪᠠᠯᠭᠡᠯᠡᠭ᠍ᠰᠡᠨ ᠶᠤᠮ᠂ ᠮᠠᠨ ᠤ ᠣᠯᠤᠰ ᠤᠨ ᠵᠤᠭᠤᠰ ᠶᠢᠡᠷ ᠮᠢᠩᠭ᠋᠎ᠠ ᠭᠠᠷᠬᠤ ᠶᠤᠮ ᠭᠡᠨ᠎ᠡ》 ᠭᠡᠵᠡᠢ᠃ ᠡᠴᠢᠭᠡ ᠨᠢ ᠳᠡᠭᠦᠨ ᠢ ᠬᠠᠵᠠᠭᠤᠳᠠ ᠪᠠᠨ ᠳᠠᠳᠠᠨ ᠰᠠᠭᠤᠯᠭᠠᠭᠠᠤᠨ :

《ᠭᠦᠤ ᠮᠢᠨᠢ ᠦᠨᠡᠨ ᠶᠢᠡᠨ ᠶᠠᠷᠢ᠂ ᠴᠢ ᠳᠠᠷᠠ ᠣᠷᠤᠰ ᠦᠬᠢᠨ ᠲᠡᠶ ᠢᠨᠠᠭᠯᠠᠴᠢᠬᠠᠭᠰᠠᠨ ᠪᠢᠵᠠ︖》 ᠭᠡᠵᠤ ᠭᠢᠴᠢᠶᠠᠮᠵᠢᠳᠠᠢ᠌ᠬᠡᠨ ᠠᠰᠠᠭᠤᠪᠠᠯ᠂ ᠪᠢᠯᠢᠭ᠌ ᠭᠦᠤ ᠴᠢᠷᠠᠢ ᠪᠠᠨ ᠣᠯᠠᠢ᠌ᠯᠭᠠᠨ :

《ᠮᠠᠨ ᠤ ᠰᠤᠷᠭᠠᠭᠤᠯᠢ ᠳᠤ ᠠᠷᠪᠠᠨ ᠳᠤᠯᠤᠭᠠᠳᠠᠢ ᠢᠨᠠᠭᠯᠠᠬᠤ ᠨᠢ ᠰᠤᠨᠢᠨ ᠶᠠᠪᠣᠳᠠᠯ ᠪᠢᠰᠢ ᠁》 ᠭᠡᠤᠨ ᠳᠦᠭ᠍ᠳᠡᠷᠡᠴᠢᠭᠡᠯ᠎ᠡ᠃ ᠡᠴᠢᠭᠡ ᠨᠢ ᠳᠠᠢ᠌ᠪᠣᠭᠤᠬᠠᠨ ᠶᠢᠡᠷ :

《ᠡᠨᠡ ᠬᠠᠪᠣᠷ ᠳᠡᠭ᠍ᠷᠢ ᠡᠷᠳᠡ ᠳᠤᠯᠠᠭᠠᠷᠠᠭᠰᠠᠨ ᠡᠴᠡ ᠬᠤᠶᠠᠷ ᠰᠠᠭᠤᠷᠢ ᠵᠢᠮᠢᠰ ᠤᠨ ᠮᠤᠳᠤ ᠪᠣᠰᠤᠳ ᠡᠴᠡ ᠪᠠᠨ ᠡᠷᠳᠡ ᠴᠡᠴᠡᠭᠯᠡᠴᠢᠭᠡᠵᠡᠢ᠃ ᠭᠡᠳᠡᠯ᠎ᠡ ᠥᠴᠦᠭᠡᠳᠦᠷ ᠤᠨ ᠭᠦᠢᠳᠡᠨ ᠰᠠᠯᠭᠢᠨ ᠳᠤ ᠪᠦᠭᠦᠨ ᠶᠢᠡᠷ ᠶᠢᠡᠨ ᠵᠤᠯᠭᠠᠷᠠᠭᠰᠠᠨ ᠪᠠᠢ᠌ᠯ᠎ᠠ ᠰᠢᠤ︕ ᠭᠡᠳᠡᠯ᠎ᠡ ᠣᠷᠤᠢ ᠴᠡᠴᠡᠭᠯᠡᠭ᠍ᠰᠡᠳ ᠬᠠᠷᠢᠨ ᠣᠨᠠᠯᠳᠠ ᠶᠢᠨ ᠪᠠᠳᠤᠯᠭ᠎ᠠ ᠲᠡᠶ ᠪᠤᠯᠪᠠ᠃ ᠡᠨᠡ ᠬᠤᠶᠠᠷ ᠮᠤᠳᠤ ᠴᠤ ᠶᠠᠭᠠᠮᠠᠢ᠂ ᠨᠢᠭᠡ ᠵᠢᠯ ᠣᠨᠠᠯᠳᠠ ᠦᠭᠡᠶ ᠥᠩᠭᠡᠷᠡᠭᠦ ᠳᠤ ᠳᠠᠷᠠᠭ᠎ᠠ ᠵᠢᠯ ᠯᠠᠪ ᠵᠢᠮᠢᠰᠤᠯᠠᠵᠤ ᠴᠢᠳᠡᠨ᠎ᠡ᠂ ᠭᠡᠳᠡᠯ᠎ᠡ ᠰᠤᠷᠤᠭᠴᠢ ᠭᠦᠮᠤᠨ ᠰᠤᠷᠤᠯᠭ᠎ᠠ ᠠᠯᠳᠠᠪᠠᠯ ᠬᠠᠷᠢᠨ ᠨᠠᠰᠤᠨ ᠤ ᠭᠡᠮᠰᠢᠯ ᠪᠣᠯᠤᠨ᠎ᠠ ᠰᠢᠤ︕ ᠣᠳᠠᠯ ᠦᠭᠡᠶ ᠰᠤᠷᠭᠠᠭᠤᠯᠢ ᠳᠠᠪᠰᠢᠬᠤ ᠨᠢᠭᠡᠳᠦᠯᠳᠡᠢ ᠰᠢᠯᠭᠠᠯᠳᠠ ᠡᠭᠢᠯᠡᠭᠦ ᠭᠡᠵᠤ ᠪᠠᠢ᠌ᠬᠤ ᠳᠤᠯᠠ᠂ ᠴᠢ ᠢᠨᠠᠭᠯᠠᠬᠤ ᠶᠠᠪᠣᠳᠠᠯ ᠢ ᠵᠠᠪᠠᠯ ᠬᠣᠢ᠌ᠰᠢ ᠳᠠᠯᠪᠢᠵᠤ᠂ ᠰᠤᠷᠤᠯᠭ᠎ᠠ ᠳᠠᠭᠠᠨ ᠰᠢᠮᠳᠡᠭᠦ ᠭᠡᠷᠡᠭ᠍ᠳᠡᠢ》 ᠭᠡᠵᠤ ᠰᠤᠷᠭᠠᠬᠤ ᠳᠤ᠂ ᠪᠢᠯᠢᠭ᠌ ᠭᠦᠤ ᠥᠭᠡ ᠳᠠᠭᠤᠨ ᠦᠭᠡᠶ ᠣᠨᠳᠠᠬᠤ ᠥᠷᠦᠭᠡᠨ ᠳᠡᠭᠡᠨ ᠰᠢᠷᠭᠤᠵᠠᠢ᠃

ᠡᠭᠦᠨ ᠡᠴᠡ ᠬᠣᠢ᠌ᠰᠢ ᠡᠪ ᠲᠤᠬᠢᠶᠠᠯ ᠬᠠᠷᠭᠤᠬᠤ ᠪᠣᠯᠭᠠᠨ ᠡᠴᠢᠭᠡ ᠨᠢ ᠳᠡᠭᠦᠨ ᠳᠤ ᠭᠦᠩᠭᠡᠨ ᠬᠠᠭᠤᠮᠠᠬᠠᠢ ᠢᠨᠠᠭᠯᠠᠯ ᠤᠨ ᠬᠤᠤᠷ ᠭᠦᠨᠦᠭᠡᠯ ᠢ ᠶᠠᠷᠢᠨ ᠥᠭ᠍ᠴᠤ᠂ ᠭᠠᠳᠠᠭᠠᠳᠤ ᠳᠤᠳᠤᠭᠠᠳᠤ ᠶᠢᠨ ᠨᠠᠷᠠᠳᠤ ᠭᠦᠮᠦᠰ ᠤᠨ ᠢᠨᠠᠭ ᠳᠤᠷᠠᠯᠠᠯ ᠳᠤ ᠬᠠᠠᠳᠤᠭᠰᠠᠨ ᠣᠪᠣᠷ ᠥᠩᠭᠡᠷᠡᠯᠳᠡ ᠶᠢ ᠶᠠᠷᠢᠵᠤ ᠦᠭ‍ᠭᠦ ᠪᠦᠷᠢ᠂ ᠭᠦᠤ ᠨᠢ ᠳᠤᠯᠤᠭᠠᠢ ᠪᠠᠨ ᠳᠠᠪᠠᠷᠢᠨ :

《ᠠᠪᠣ ᠶᠢ ᠭᠤᠶᠤᠵᠤ ᠪᠠᠢ᠌ᠨ᠎ᠡ᠂ ᠡᠳᠡᠭᠡᠷ ᠶᠤᠰᠤ ᠶᠢ ᠪᠢ ᠪᠦᠷ ᠣᠢ᠌ᠯᠠᠭᠠᠨ᠎ᠠ᠂ ᠪᠢ ᠦᠪᠡᠷ ᠤᠨ ᠶᠠᠪᠣᠳᠠᠯ ᠶᠢᠡᠨ ᠦᠪᠡᠷ ᠶᠢᠡᠨ ᠰᠢ᠌ᠦᠡᠪᠦᠷᠢᠯᠡᠴᠢᠭᠡᠶ᠎ᠡ》 ᠭᠡᠵᠤ ᠭᠡᠯᠡᠮᠡᠭ᠍ᠴᠡ ᠭᠤᠳ ᠳᠤᠳᠠᠭᠠᠴᠢᠳᠠᠭ ᠪᠠᠢ᠌ᠪᠠ᠃ ᠣᠳᠠᠯ ᠦᠭᠡᠶ ᠨᠢᠭᠡᠳᠦᠯᠳᠡᠢ ᠰᠢᠯᠭᠠᠯᠳᠠ ᠪᠣᠯᠵᠤ᠂ ᠬᠠᠢ᠌ᠷ᠎ᠠ ᠳᠤᠷᠠᠯᠠᠯ ᠤᠨ ᠰᠠᠷᠬᠤᠤᠨ ᠲᠠᠭᠠᠨ ᠰᠤᠭᠳᠠᠭᠤᠷᠠᠵᠤ ᠶᠠᠪᠣᠭᠰᠠᠨ ᠪᠢᠯᠢᠭ᠌ ᠭᠦᠤ᠂ ᠬᠠᠮᠤᠭ ᠭᠢᠴᠢᠶᠠᠯ ᠶᠢᠡᠨ ᠫᠠᠤᠨ ᠳᠠᠯᠪᠢᠭᠠᠤᠨ ᠣᠷᠮ᠎ᠠ ᠮᠠᠭᠤᠳᠠᠢ᠌ᠬᠠᠨ ᠭᠡᠯᠳᠦᠷᠡᠵᠤ ᠪᠠᠢ᠌ᠭᠰᠠᠨ ᠶᠢᠡᠨ :

《ᠨᠠᠲ᠋ᠠᠱᠠ ᠨᠠᠮᠠᠶ᠋ᠢ ᠮᠤᠰᠺᠧᠨ ᠶᠡᠭᠡ ᠰᠤᠷᠭᠠᠭᠤᠯᠢ ᠳᠤ ᠣᠷᠤᠭᠤᠯᠬᠤ ᠶᠤᠮ ᠭᠡᠨ᠎ᠡ ᠰᠢᠤ︕》 ᠭᠡᠵᠤ ᠶᠡᠭᠡ ᠪᠠᠶᠠᠷᠳᠠᠢ ᠭᠡᠯᠡᠪᠡ᠃ ᠡᠴᠢᠭᠡ ᠨᠢ ᠭᠦᠢᠳᠡᠮᠰᠦᠭ᠌ ᠶᠢᠡᠷ :

《ᠭᠦᠤ ᠮᠢᠨᠢ ᠵᠡᠭᠦᠳᠦᠯᠡᠭᠦ ᠪᠠᠨ ᠪᠣᠯᠢᠭᠠᠴᠢ᠂ ᠴᠢ ᠡᠭᠡ ᠭᠡᠯᠡ ᠪᠠᠨ ᠴᠤ ᠣᠯᠢᠭ ᠲᠡᠶ ᠰᠤᠷᠴᠤ ᠴᠢᠳᠠᠭᠰᠠᠨ ᠦᠭᠡᠶ ᠪᠠᠢ᠌ᠭᠠᠤᠨ ᠣᠷᠤᠰ ᠭᠡᠯᠡ ᠰᠤᠷᠤᠨ᠎ᠠ ᠭᠡᠭ᠍ᠴᠢ ᠪᠠᠢ᠌ᠵᠤ ᠪᠣᠯᠤᠰᠢ ᠦᠭᠡᠶ ᠭᠡᠷᠡᠭ᠌᠃ ᠴᠢᠮᠡᠳᠤ ᠰᠤᠷᠭᠠᠭᠤᠯᠢ ᠳ᠋ᠤᠨᠢ ᠣᠷᠤᠬᠤ ᠣᠷᠤᠨ ᠳᠤᠭ᠎ᠠ ᠣᠯᠤᠭᠠᠤᠨ ᠥᠭ᠍ᠴᠢᠭᠡᠭᠦ ᠪᠠᠷ ᠪᠣᠳᠤᠬᠤ ᠳᠤ᠂ ᠮᠠᠨ ᠳᠤ ᠴᠢᠨᠤ ᠰᠥᠢᠦᠡᠭᠡᠯ ᠢ ᠬᠠᠷᠢᠭᠤᠴᠠᠬᠤ ᠴᠢᠳᠠᠯ ᠦᠭᠡᠶ᠃ ᠡᠨᠡ ᠶᠠᠪᠣᠳᠠᠯ ᠳᠡᠭᠡᠷ᠎ᠡ ᠴᠢ ᠡᠷᠳᠡᠭᠡᠨ ᠭᠡᠢ ᠭᠦᠰᠡᠯ ᠶᠢᠡᠨ ᠣᠷᠭᠢᠬᠤ ᠭᠡᠷᠡᠭ᠍ᠳᠡᠢ᠃ ᠲ᠋ᠠ ᠬᠤᠶᠠᠷ ᠤᠨ ᠢᠨᠠᠭᠯᠠᠯ ᠴᠤ ᠮᠦᠨ ᠴᠠᠭ ᠡᠴᠡ ᠪᠠᠨ ᠡᠷᠳᠡ ᠣᠨᠠᠭᠰᠠᠨ ᠵᠢᠮᠢᠰ ᠡ᠊ᠨᠳᠡᠯᠢ᠂ ᠭᠦᠤ ᠮᠢᠨᠢ ᠬᠠᠭᠤᠳᠠᠮ ᠢᠨᠠᠭᠯᠠᠯ ᠤᠨ ᠭᠠᠰᠢᠭᠤᠨ ᠵᠢᠮᠢᠰ ᠵᠠᠵᠤᠯᠠᠬᠤ ᠦᠵᠡᠯ ᠰᠠᠨᠠᠭᠠᠨ ᠤ ᠪᠡᠯᠡᠳᠭᠡᠯ ᠲᠡᠶ ᠪᠠᠢ᠌ᠬᠤ ᠭᠡᠷᠡᠭ᠍ᠳᠡᠢ》ᠭᠡᠵᠡᠢ᠃ ᠪᠢᠯᠢᠭ᠌ ᠭᠦᠤ ᠴᠢᠷᠠᠢ ᠪᠠᠨ ᠴᠢᠨᠦᠷᠡᠭᠦᠯᠤᠨ :

《ᠠᠪᠣ ᠶᠠᠭᠤᠨ ᠳᠤ ᠮᠠᠨ ᠤ ᠬᠠᠢ᠌ᠷ᠎ᠠ ᠳᠤᠷᠠᠯᠠᠯ ᠢ ᠭᠦᠦᠡᠭᠡᠭᠦ ᠪᠢᠯᠠ︕》 ᠭᠡᠵᠤ ᠬᠠᠷᠢᠭᠤᠴᠠᠯ᠎ᠠ᠃

《ᠠᠪᠣ ᠨᠢ ᠴᠢᠮᠠᠳᠤ ᠭᠠᠭᠴᠠᠬᠠᠨ ᠥᠭᠡ ᠰᠠᠨᠠᠭᠤᠯᠤᠮᠠᠷ ᠪᠠᠢ᠌ᠨ᠎ᠠ᠄ ᠭᠦᠨ ᠣᠬᠠᠭᠠᠨ ᠤ ᠭᠢᠴᠢᠶᠠᠯ ᠳᠤ 〈ᠠᠵᠤ ᠠᠬᠤᠢ ᠶᠢᠨ ᠰᠠᠭᠤᠷᠢ ᠳᠠᠪᠬᠤᠷᠭ᠎ᠠ ᠶᠢ ᠳᠤᠭᠳᠠᠭᠠᠨ᠎ᠠ〉 ᠭᠡᠰᠡᠨ ᠣᠨᠤᠯ ᠪᠠᠢ᠌ᠨ᠎ᠡ᠃ ᠡᠭᠦᠨ ᠢ ᠳᠠᠢ᠌ᠯᠪᠣᠷᠢᠯᠠᠪᠠᠯ ᠨᠢᠭᠡ ᠣᠯᠤᠰ ᠦᠨᠳᠦᠰᠦᠳᠠᠨ ᠤ ᠳᠤᠭᠳᠠᠨᠢᠯ ᠢ ᠴᠤ ᠠᠵᠤ ᠠᠬᠤᠢ ᠰᠢ᠌ᠤᠠᠪᠣᠷᠢᠯᠠᠨ᠎ᠠ ᠭᠡᠰᠡᠨ ᠥᠭᠡ᠃ ᠡᠡᠵᠤ ᠠᠬᠤᠢ ᠡᠴᠡ ᠰᠠᠯᠤᠭᠰᠠᠨ ᠶᠠᠮᠠᠷᠪᠠ ᠨᠡᠢ᠌ᠭᠡᠮ ᠤᠨ ᠭᠦᠳᠡᠯᠭᠡᠭᠡᠨ ᠨᠢ ᠪᠦᠷ ᠦᠨᠳᠦᠰᠦ ᠦᠭᠡᠶ ᠬᠠᠮᠬᠤᠤᠯ ᠠᠳᠠᠯᠢ ᠪᠠᠢ᠌ᠵᠤ᠂ ᠢᠨᠠᠭ ᠳᠤᠷᠠᠯᠠᠯ ᠨᠢ ᠴᠤ ᠡᠨᠡᠭᠦ ᠭᠦᠷᠢᠶᠡᠨ ᠡᠴᠡ ᠭᠠᠷᠴᠤ ᠴᠢᠳᠠᠬᠤ ᠦᠭᠡᠶ ᠨᠢ ᠮᠡᠳᠡᠭᠡᠵᠢ᠃ ᠴᠢ ᠣᠳᠤ ᠳᠤᠮᠳᠠᠳᠤ ᠰᠤᠷᠭᠠᠭᠤᠯᠢ ᠪᠠᠨ ᠳᠦᠩᠭᠡᠵᠢ ᠳᠡᠭᠦᠰᠴᠤ ᠡᠭᠦᠷ ᠡᠴᠡ ᠪᠠᠨ ᠭᠠᠷᠤᠭᠠᠳᠤᠢ ᠬᠠᠷᠴᠠᠭᠠᠢ ᠶᠢᠨ ᠴᠤᠷᠪᠠᠭ᠎ᠠ ᠠᠳᠠᠯᠢ ᠭᠠᠭᠴᠠᠬᠠᠨ ᠭᠡᠳᠡᠰᠤ ᠪᠠᠨ ᠴᠤ ᠳᠡᠵᠢᠭᠡᠵᠤ ᠳᠡᠢ᠌ᠯᠭᠦ ᠦᠭᠡᠶ ᠱᠠᠳᠤᠨ ᠳᠠᠭᠠᠨ ᠪᠠᠢ᠌ᠨ᠎ᠠ᠂ ᠨᠠᠲ᠋ᠠᠱᠠ ᠴᠤ ᠴᠢᠮᠠᠯᠤᠭ᠎ᠠ ᠠᠳᠠᠯᠢ ᠭᠡᠷ ᠤᠨ ᠠᠬᠠᠮᠠᠤᠨ ᠶᠢᠡᠨ ᠴᠢᠷᠠᠢ᠌ᠴᠢᠯᠠᠵᠤ ᠭᠡᠮᠭᠡᠳᠡᠭ᠌ ᠮᠥᠩᠭᠦ ᠵᠠᠷᠤᠵᠤ ᠪᠠᠢ᠌ᠨ᠎ᠡ᠃ ᠡᠳᠥᠢᠭᠡᠨ ᠮᠥᠩᠭᠦ ᠪᠠᠷ ᠢᠨᠠᠭ ᠳᠤᠷᠠᠯᠠᠯ ᠳᠤ ᠵᠠᠷᠤᠴᠠᠭᠤᠯᠬᠤ ᠡᠭᠡ ᠪᠠᠯᠠ ᠶᠢ ᠣᠷᠳᠤ ᠬᠤᠭᠤᠴᠠᠭ᠎ᠠ ᠪᠠᠷ ᠳᠦᠯᠦᠭᠡᠤᠨ ᠳᠡᠢ᠌ᠯᠭᠦ ᠦᠭᠡᠶ ᠨᠢ ᠮᠡᠳᠡᠭᠡᠵᠢ ᠶᠢᠨ ᠭᠡᠷᠡᠭ᠌᠃ ᠡᠡᠵᠤ ᠠᠬᠤᠢ ᠶᠢᠨ ᠰᠠᠭᠤᠷᠢ ᠦᠭᠡᠶ ᠢᠨᠠᠭ ᠳᠤᠷᠠᠯᠠᠯ ᠨᠢ ᠡᠴᠦᠰ ᠲᠡᠭᠡᠨ ᠬᠤᠶᠠᠷ ᠭᠦᠮᠤᠨ ᠤ ᠵᠢᠷᠦᠭᠡ ᠶᠢ ᠰᠢᠷᠬᠠᠯᠠᠭᠤᠯᠬᠤ ᠶᠠᠷ᠎ᠠ ᠰᠤᠷᠪᠢ ᠪᠣᠯᠤᠭᠠᠤᠨ ᠥᠯᠡᠳᠡᠨ᠎ᠡ》 ᠭᠡᠵᠤ ᠭᠦᠯᠢᠴᠡᠩᠭᠦᠢ ᠰᠤᠷᠭᠠᠭᠰᠠᠨ ᠪᠤᠯᠪᠠᠴᠤ᠂ ᠪᠢᠯᠢᠭ᠌ ᠭᠦᠤ ᠱᠠᠯ ᠳᠤᠭᠤᠭᠰᠠᠨ ᠦᠭᠡᠶ᠂ ᠲ᠋ᠤᠳᠤᠷ᠎ᠠ ᠪᠠᠨ᠄ ᠢᠨᠠᠭ ᠳᠤᠷᠠᠯᠠᠯ ᠪᠣᠯ ᠶᠠᠮᠠᠷᠴᠤ ᠥᠩᠭᠡ ᠮᠥᠩᠭᠦᠨ ᠤ ᠬᠤᠯᠢᠴᠠ ᠦᠭᠡᠶ ᠠᠷᠢᠭᠤᠨ ᠳᠠᠷᠬᠠᠨ ᠵᠣᠢ᠌ᠯᠠᠰ ᠪᠣᠯᠬᠤᠷ᠂ ᠠᠪᠣ ᠡᠵᠢ ᠲᠡᠶ ᠨᠢ ᠠᠳᠠᠯᠢ 《ᠠᠵᠤ ᠠᠬᠤᠢ》 ᠂ 《ᠠᠯᠳᠠ ᠮᠥᠩᠭᠦ》 ᠡᠴᠡ ᠥᠭᠡᠷ᠎ᠡ ᠶᠢ ᠮᠡᠳᠡᠳᠡᠭ᠌ ᠦᠭᠡᠶ ᠭᠦᠮᠦᠰ ᠤᠨ ᠣᠢ᠌ᠯᠠᠭᠠᠬᠤ ᠶᠠᠭᠤᠮ᠎ᠠ ᠪᠢᠰᠢ ᠭᠡᠵᠤ ᠪᠠᠳᠤᠳᠠᠢ ᠢᠳᠡᠭᠡᠵᠤ ᠪᠠᠢ᠌ᠵᠠᠢ᠃

ᠰᠢᠨ᠎ᠠ ᠰᠤᠷᠤᠯᠭ᠎ᠠ ᠶᠢᠨ ᠬᠤᠭᠤᠴᠠᠭ᠎ᠠ ᠡᠭᠢᠯᠡᠯ᠎ᠡ᠂ ᠪᠢᠯᠢᠭ᠌ ᠭᠦᠤ ᠳᠠᠪᠳᠠᠬᠤ ᠠᠩᠭᠢ ᠳᠤ ᠣᠷᠤᠵᠤ ᠬᠤᠶᠠᠷ ᠭᠠᠷᠠᠭ ᠥᠩᠭᠡᠷᠡᠳᠡᠯ᠎ᠡ ᠣᠯᠤᠰ ᠲᠠᠭᠠᠨ ᠪᠣᠴᠠᠭᠰᠠᠨ ᠨᠠᠲ᠋ᠠᠱᠠ ᠶᠠᠮᠠᠷᠴᠤ ᠴᠢᠮᠡᠭᠡ ᠢᠷᠡᠭ᠍ᠰᠡᠨ ᠦᠭᠡᠶ᠃

ᠨᠢᠭᠡ ᠥᠷᠯᠦᠭᠡᠨ ᠤ ᠳᠠᠪᠳᠠᠯᠭ᠎ᠠ ᠳᠤ᠂ ᠠᠩᠭᠢ ᠶᠢᠨ ᠪᠠᠭᠰᠢ ᠨᠢ ᠣᠷᠤᠵᠤ ᠢᠷᠡᠭᠡᠤᠨ ᠨᠠᠲ᠋ᠠᠱᠠ ᠶᠢᠨ ᠠᠪᠣ ᠨᠢ ᠭᠧᠷᠮᠡᠨ ᠳᠤ ᠰᠠᠭᠤᠬᠤ ᠡᠯᠴᠢᠨ ᠰᠠᠢ᠌ᠳ ᠶᠢᠡᠷ ᠳᠤᠮᠢᠯᠠᠭᠳᠠᠭᠰᠠᠨ ᠪᠣᠯᠬᠤᠷ ᠭᠡᠷ ᠶᠢᠠᠷ ᠶᠢᠡᠨ ᠪᠧᠷᠯᠢᠨ ᠳᠤ ᠰᠠᠭᠤᠬᠤ ᠪᠠᠷ ᠪᠣᠯᠤᠭᠰᠠᠨ ᠢ ᠭᠡᠯᠡᠵᠤ ᠥᠭ᠍ᠴᠡᠢ᠃ ᠡᠨᠡ ᠴᠢᠮᠡᠭᠡ ᠶᠢ ᠣᠯᠤᠭᠠᠤᠨ ᠪᠢᠯᠢᠭ᠌ ᠭᠦᠤ ᠳᠤᠤᠷ᠎ᠠ ᠪᠠᠨ ᠮᠡᠨᠡᠭ᠍ᠷᠡᠭᠡᠤᠨ ᠶᠠᠪᠤᠴᠢᠬᠠᠵᠡᠢ᠃ ᠲ᠋ᠡᠭᠡᠭᠦ ᠳᠡᠭᠡᠨ ᠨᠠᠲ᠋ᠠᠱᠠ ᠶᠢᠨ ᠴᠢᠮᠡᠭᠡ ᠶᠢ ᠳᠠᠷᠠ ᠭᠦᠮᠤᠨ ᠡᠴᠡ ᠡᠷᠳᠡ ᠣᠯᠬᠤ ᠶᠤᠰᠤᠳᠠᠢ ᠪᠠᠢ᠌ᠭᠰᠡᠨ᠁ ᠡᠢ᠌ᠮᠦᠷᠭᠦ ᠭᠦᠡᠳᠤ ᠴᠤᠭᠢᠯᠳᠠ ᠶᠢ ᠣᠯᠤᠭᠠᠤᠨ ᠪᠢᠯᠢᠭ᠌ ᠭᠦᠤ ᠶᠢᠨ ᠠᠯᠢᠪᠠ ᠠᠮᠢᠳᠤᠷᠠᠯ ᠤᠨ ᠭᠦᠰᠡᠯ ᠨᠢ ᠪᠦᠷ ᠣᠠᠳᠠᠷᠠᠵᠤ᠂ ᠣᠬᠠᠭᠠᠨ ᠰᠦᠨᠠᠰᠤ ᠨᠢ ᠵᠠᠪᠬᠠᠷᠠᠬᠤ ᠳᠤ ᠭᠦᠷᠦᠭ᠍ᠰᠡᠨ ᠪᠣᠯᠬᠤᠷ ᠪᠢᠴᠢᠭ᠌ ᠰᠤᠷᠤᠯᠭ᠎ᠠ ᠭᠡᠭ᠍ᠴᠢ ᠶᠢ ᠣᠭᠳᠤ ᠪᠣᠳᠤᠬᠤ ᠪᠠᠨ ᠪᠣᠯᠢᠭᠰᠠᠨ ᠪᠠᠢ᠌ᠨ᠎ᠠ᠃

ᠬᠤᠶᠠᠷ ᠰᠠᠷᠠᠢ᠌ᠨ ᠳᠠᠷᠠᠭ᠎ᠠ ᠪᠢᠯᠢᠭ᠌ ᠭᠦᠤ᠂ ᠪᠧᠷᠯᠢᠨ ᠡᠴᠡ ᠢᠷᠡᠭ᠍ᠰᠡᠨ ᠨᠠᠲ᠋ᠠᠱᠠ ᠶᠢᠨ ᠵᠠᠭᠢᠳᠠᠯ ᠢ ᠳᠤᠰᠴᠠᠢ᠃ ᠵᠠᠭᠢᠳᠠᠯ ᠳᠠᠭᠠᠨ ᠳᠡᠷᠡ᠂ ᠪᠢᠯᠢᠭ᠌ ᠤᠨ ᠠᠴᠢ ᠪᠠᠷ ᠦᠪᠣᠷ ᠮᠤᠩᠭ᠋ᠤᠯ ᠳ᠋ᠠᠭᠢ ᠡᠳᠦᠷ ᠬᠤᠨᠤᠭ ᠢ ᠮᠠᠰᠢ ᠵᠤᠯ ᠵᠢᠷᠭᠠᠯᠳᠠᠢ ᠥᠩᠭᠡᠷᠡᠭᠦᠯᠦᠭ᠍ᠰᠡᠨ ᠶᠢᠡᠨ ᠳᠤᠭᠠᠴᠢᠵᠤ᠂ ᠵᠠᠯᠠᠭᠤ ᠦᠶ᠎ᠡ ᠶᠢᠨ ᠬᠠᠢ᠌ᠷ᠎ᠠ ᠰᠡᠳᠬᠢᠯᠭᠡ ᠭᠡᠭ᠍ᠴᠢ ᠶᠠᠭᠤᠳᠠᠢ ᠬᠠᠭᠤᠳᠠᠮ ᠨᠢᠯᠬᠠᠰᠠᠭ ᠪᠠᠢ᠌ᠬᠤ ᠶᠢ ᠰᠢᠭᠦᠮᠵᠢᠯᠡᠨ᠂ ᠭᠡᠢ᠌ᠰᠪᠦᠷᠢ ᠷᠤᠮᠠᠠᠲ᠋ᠢᠭ ᠢᠨᠠᠭᠯᠠᠯ ᠨᠢ ᠪᠣᠳᠠᠳᠤ ᠠᠬᠤᠢ ᠶᠢᠨ ᠬᠠᠨᠠᠨ ᠳᠤ ᠮᠥᠷᠭᠦᠭᠡᠤᠨ ᠭᠦᠭᠡᠰᠤ ᠪᠣᠯᠤᠨ ᠵᠠᠮᠬᠠᠷᠠᠭᠰᠠᠨ ᠪᠣᠯᠬᠤᠷ ᠪᠢᠳᠠ ᠰᠠᠢ᠌ᠨ ᠨᠠᠢ᠌ᠵᠠ ᠪᠣᠯᠤᠯᠴᠠᠶ᠎ᠠ ᠭᠡᠵᠡᠢ᠃ ᠡᠨᠡ ᠨᠢ ᠨᠠᠲ᠋ᠠᠱᠠ ᠳᠠᠭᠠᠨ ᠨᠠᠭᠠᠳᠤᠮ ᠪᠤᠯᠪᠠᠴᠤ᠂ ᠪᠢᠯᠢᠭ᠌ ᠭᠦᠤ ᠳᠤ ᠬᠠᠷᠢᠨ ᠠᠮᠢᠨ ᠳᠤ ᠭᠦᠷᠦᠮ᠎ᠡ ᠴᠤᠭᠢᠯᠳᠠ ᠪᠠᠢ᠌ᠵᠤ ᠥᠭᠡᠷ᠎ᠡ ᠰᠤᠷᠭᠠᠭᠤᠯᠢ ᠳᠤ ᠰᠢᠯᠵᠢᠭ᠍ᠰᠡᠨ ᠪᠣᠯᠪᠠᠴᠤ ᠰᠠᠤᠠᠭᠢᠯ ᠤᠨ ᠰᠢᠷᠬᠠᠯᠠᠯ ᠡᠴᠡ ᠪᠠᠨ ᠠᠩᠭᠢᠵᠢᠷᠠᠵᠤ ᠴᠢᠳᠠᠭᠰᠠᠨ ᠦᠭᠡᠶ᠂ ᠰᠤᠷᠤᠯᠭ᠎ᠠ ᠨᠢ ᠳᠡᠭᠡᠭ᠍ᠰᠢᠯᠡᠭ᠍ᠰᠡᠨ ᠦᠭᠡᠶ ᠮᠥᠷᠳᠡᠭᠡᠨ ᠭᠡᠳᠡᠷᠭᠦ ᠪᠠᠨ ᠥᠩᠭᠡᠷᠡᠭ᠍ᠰᠡᠨ ᠶᠢᠡᠨ ᠭᠦᠷᠭᠦ ᠦᠭᠡᠶ ᠪᠣᠯᠤᠭᠠᠤᠨ ᠠᠷᠭ᠎ᠠ ᠦᠭᠡᠶ ᠰᠤᠷᠭᠠᠭᠤᠯᠢ ᠪᠠᠨ ᠵᠤᠭᠰᠤᠵᠤ᠂ ᠪᠣᠰᠤᠳ ᠢ ᠲᠠᠭᠠᠨ ᠳᠤᠭᠤᠰᠬᠠᠨ ᠤ ᠣᠢ᠌ᠯᠠᠤᠠᠪᠣᠷᠢ ᠳᠤ ᠭᠦᠯᠦᠰᠤᠨ ᠠᠵᠢᠯᠴᠢᠨ ᠪᠣᠯᠤᠭᠰᠠᠨ ᠪᠠᠢ᠌ᠨ᠎ᠠ᠃

ᠣᠴᠢᠷ ᠵᠠᠪᠣᠳᠠᠯ ᠢᠩᠭᠢᠭᠡᠤᠨ ᠳᠡᠭᠦᠰᠦᠭ᠍ᠰᠡᠨ ᠪᠣᠯ ᠪᠠᠰᠠᠴᠤ ᠭᠠᠢ᠌ᠭᠤᠢ᠂ ᠭᠡᠳᠡᠯ᠎ᠡ ᠰᠡᠭᠦᠯᠡᠷ ᠨᠢ ᠰᠤᠨᠤᠰᠬᠤ ᠳᠤ ᠪᠢᠯᠢᠭ᠌ ᠭᠦᠤ ᠰᠤᠯᠢᠶᠠᠷᠠᠵᠤ᠂ ᠮᠠᠳᠠᠷᠠᠯ ᠤᠨ ᠡᠪᠠᠦᠡᠴᠢᠳᠡᠨ ᠤ ᠡᠮᠨᠡᠯᠭᠡ ᠡᠴᠡ ᠳᠤᠳᠠᠭᠠᠵᠤ ᠭᠠᠷᠤᠭᠠᠤᠨ ᠵᠡᠭᠡᠯᠢ ᠪᠠᠷ ᠳᠠᠨᠤᠵᠤ ᠶᠠᠪᠣᠭ᠎ᠠ ᠰᠤᠷᠠᠭ ᠲᠡᠶ᠃ ᠬᠠᠢ᠌ᠷᠠᠨ ᠤ ᠭᠤᠸ᠎ᠠ ᠰᠠᠢ᠌ᠬᠠᠨ ᠵᠠᠯᠠᠭᠤ ᠨᠠᠰᠤ ᠶᠢ ᠢᠩᠭᠢᠵᠤ ᠶᠠᠮᠠᠷᠴᠤ ᠦᠨ᠎ᠡ ᠥᠷᠳᠡᠭ᠌ ᠦᠭᠡᠶ ᠪᠠᠷ ᠳᠠᠮᠳᠤᠭᠯᠠᠨ ᠥᠭᠡᠢ᠌ᠭᠢᠵᠤ᠂ ᠴᠡᠭ ᠡᠴᠡ ᠪᠠᠨ ᠡᠷᠳᠡ ᠢᠨᠠᠭᠯᠠᠯ ᠤᠨ ᠥᠷᠡᠭ᠍ᠳᠡᠯ ᠤᠨ ᠡᠳ᠋ ᠪᠣᠯᠤᠭᠰᠠᠨ ᠨᠢ ᠳᠠᠩᠴᠢ ᠬᠠᠷᠠᠰᠠᠯᠳᠠᠢ ᠠᠵᠢ᠃

ᠭᠦᠮᠤᠨ᠂ ᠪᠠᠭᠠᠴᠦᠳ ᠤᠨ ᠦᠶ᠎ᠡ ᠶᠢ ᠥᠩᠭᠡᠷᠡᠵᠤ ᠵᠠᠯᠠᠭᠤ ᠦᠶ᠎ᠡ ᠳᠤ ᠣᠷᠤᠪᠠᠯ ᠬᠠᠢ᠌ᠷ᠎ᠠ ᠳᠤᠷᠠᠯᠠᠯ ᠊ᠤᠨ 《ᠭᠦᠪᠦᠷᠡᠯ》 ᠴᠤ ᠰᠤᠶᠤᠭᠠᠯᠠᠵᠤ ᠡᠭᠢᠯᠡᠳᠡᠭ᠌᠃ ᠡᠨᠡ ᠦᠶ᠎ᠡ ᠳᠤ ᠢᠵᠢᠯ ᠪᠣᠰᠤ ᠪᠠᠯᠭᠡᠳᠡᠨ ᠢ ᠭᠦᠰᠡᠭᠦ ᠬᠤᠷᠮᠤᠨ ᠤ ᠱᠥᠭᠦᠷᠯᠡᠯ ᠶᠡᠭᠡᠰᠴᠤ᠂ ᠰᠡᠳᠬᠢᠯ ᠰᠠᠨᠠᠭ᠎ᠠ ᠠᠮᠠᠷᠬᠠᠨ ᠭᠦᠭ᠍ᠰᠡᠵᠤ ᠢᠷᠡᠨ᠎ᠡ᠃ ᠡᠨᠡ ᠦᠶ᠎ᠡ ᠨᠢ ᠶᠠᠭ ᠢᠳᠠ ᠰᠤᠷᠬᠤ ᠨᠠᠰᠤᠨ ᠤ ᠰᠢᠵᠢᠷ ᠠᠯᠳᠠᠨ ᠣᠯᠠᠷᠢᠯ ᠲᠡᠶ ᠳᠠᠪᠬᠤᠴᠠᠵᠤ ᠢᠷᠡᠳᠡᠭ᠌ ᠪᠣᠯᠬᠤᠷ᠂ ᠰᠤᠶᠤᠯ ᠤᠨ ᠮᠦᠷ ᠭᠦᠭᠡᠭᠡᠭᠦ ᠠᠶᠠᠯᠠᠯ ᠳ᠋ᠠᠭᠢ ᠬᠠᠮᠤᠭ ᠶᠡᠭᠡ ᠰᠠᠭᠠᠤᠨ ᠳᠠᠤᠠᠬᠠᠷ ᠪᠣᠯᠳᠠᠭ ᠪᠠᠢ᠌ᠨ᠎ᠠ᠃ ᠰᠤᠷᠬᠤ ᠨᠠᠰᠤᠨ ᠤ ᠭᠡᠦᠭᠡᠤᠨ ᠭᠦᠮᠤᠨ ᠤ ᠶ‍ᠢᠷᠳᠢᠴᠤ ᠶᠢᠨ ᠵᠢᠩᠭᠢᠨᠢ 《ᠵᠢᠰᠤ ᠴᠢᠷᠠᠢ》 ᠵᠢ᠌ ᠳᠠᠨᠢᠬᠤ ᠦᠭᠡᠶ᠂ ᠨᠡᠢ᠌ᠭᠡᠮ ᠤᠨ 《ᠰᠠᠯᠭᠢ ᠰᠢᠭᠤᠷᠭᠠᠨ》 ᠊ᠤ ᠬᠠᠳᠠᠭᠤ ᠶᠢ ᠥᠵᠡᠭᠡᠳᠦᠢ ᠪᠣᠯᠬᠤᠷ᠂ ᠬᠠᠢ᠌ᠷ᠎ᠠ ᠳᠤᠷᠠᠯᠠᠯ ᠢ ᠭᠢᠵᠠᠭᠠᠷ ᠦᠭᠡᠶ ᠳᠡᠭᠡᠳᠦᠯᠡᠨ ᠰᠢᠳᠦᠭᠡᠡᠴᠢᠯᠡᠵᠤ᠂ ᠠᠮᠠᠷᠠᠭ ᠢᠨᠠᠭ ᠤᠨ ᠲᠦᠷ ᠴᠠᠭ ᠤᠨ ᠬᠠᠯᠠᠭᠤᠷᠠᠯ ᠳᠤ ᠣᠷᠤᠭᠰᠠᠨ ᠤ ᠳᠠᠷᠠᠭ᠎ᠠ ᠳᠤᠩ ᠠᠮᠠᠷᠬᠠᠨ ᠶᠢᠡᠷ ᠬᠠᠢ᠌ᠷ᠎ᠠ ᠰᠠᠤᠠᠭᠢᠯ ᠤᠨ ᠬᠠᠷ᠎ᠠ ᠪᠠᠯᠴᠢᠭ ᠲᠤ ᠰᠢᠭᠢᠤᠠᠴᠤ ᠭᠦᠯ ᠶᠢᠡᠨ ᠰᠤᠭᠤᠯᠵᠤ ᠳᠡᠢ᠌ᠯᠭᠦ ᠦᠭᠡᠶ ᠪᠣᠯᠴᠢᠳᠠᠭ ᠪᠠᠢ᠌ᠨ᠎ᠠ᠃ ᠬᠤᠸᠠᠷ ᠴᠡᠴᠡᠭ᠌ ᠪᠣᠯᠭᠠᠨ ᠦᠷ᠎ᠡ ᠵᠢᠮᠢᠰ ᠰᠠᠭᠤᠬᠤ ᠦᠭᠡᠶ ᠲᠡᠶ ᠠᠳᠠᠯᠢ ᠪᠠᠷ᠂ ᠢᠨᠠᠭᠯᠠᠯ ᠪᠣᠯᠭᠠᠨ ᠣᠷᠤᠭ ᠪᠠᠷᠢᠯᠳᠤᠬᠤ ᠳᠡᠭᠦᠰᠭᠡᠯ ᠦᠭᠡᠶ ᠪᠠᠷ ᠪᠠᠷᠠᠬᠤ ᠦᠭᠡᠶ᠂ ᠢᠨᠠᠭ ᠳᠤᠷᠠᠯᠠᠯ ᠨᠢ ᠥᠩᠭᠡ ᠵᠢᠰᠤ᠂ ᠭᠦᠷᠦᠩᠭᠡ ᠣᠷᠤᠯᠭ᠎ᠠ᠂ ᠪᠠᠢ᠌ᠷᠢ ᠰᠠᠭᠤᠴᠠ ᠮᠠᠳᠤ ᠶᠢᠨ ᠪᠣᠳᠠᠰ ᠤᠨ ᠡᠯᠧᠮᠧᠨ᠋ᠲ᠋ ᠱᠠᠭᠠᠷᠳᠠᠭᠳᠠᠨ᠎ᠠ᠃ ᠵᠠᠯᠠᠭᠤ ᠨᠠᠰᠤᠨ ᠤ ᠷᠤᠮᠠᠠᠲ᠋ᠢᠭ ᠰᠡᠳᠬᠢᠯᠭᠡ ᠨᠢ ᠡᠢ᠌ᠮᠦᠷᠭᠦ 《ᠭᠠᠤᠯᠢᠨ ᠦᠨᠦᠷᠳᠠᠢ》 ᠪᠣᠰᠤᠤᠠᠴᠢ ᠠᠬᠤᠢ ᠶᠢ ᠮᠡᠳᠡᠷᠡᠭᠦ ᠳᠤᠷ᠎ᠠ ᠦᠭᠡᠶ᠂ ᠬᠠᠷᠢᠨ 《ᠪᠠᠯᠧᠳᠣ᠋》 ᠮᠠᠶ‍ᠢᠭ ᠤᠨ ᠣᠶᠤᠨ ᠰᠠᠨᠠᠭᠠᠨ ᠤ ᠭᠡᠢ᠌ᠰᠪᠦᠷᠢ ᠠᠬᠤᠢ ᠳᠤ ᠰᠤᠭᠳᠤᠭᠤᠷᠠᠭᠰᠠᠭᠠᠷ ᠪᠠᠢ᠌ᠵᠤ᠂ ᠭᠡᠨᠡᠳᠲᠡ ᠨᠢᠭᠡᠨ ᠡᠳᠦᠷ ᠪᠣᠰᠤᠤᠠᠴᠢ ᠠᠬᠤᠢ ᠶᠢᠨ ᠬᠠᠳᠠᠭᠤ ᠴᠤᠭᠢᠯᠳᠠ ᠳᠤ ᠣᠴᠠᠷᠠᠵᠤ ᠪᠠᠢ᠌ᠮᠠᠨ ᠰᠠ‍‌ᠶᠢ ᠣᠬᠠᠭᠠᠷᠠᠵᠤ ᠡᠭᠢᠯᠡᠨ᠎ᠡ᠃ ᠭᠡᠳᠡᠯ᠎ᠡ ᠪᠢᠯᠢᠭ᠌ ᠭᠦᠤ ᠣᠬᠠᠭᠠᠷᠠᠵᠤ ᠳᠡᠢ᠌ᠯᠦᠭ᠍ᠰᠡᠨ ᠦᠭᠡᠶ᠂ ᠬᠠᠢ᠌ᠷᠠᠨ ᠤ ᠭᠠᠯ ᠵᠠᠯᠠᠭᠤ ᠨᠠᠰᠤ ᠪᠠᠨ ᠣᠤᠠᠬ᠎ᠠ ᠠᠭᠤᠯᠭ᠎ᠠ ᠦᠭᠡᠶ ᠪᠠᠷ ᠥᠭᠡᠢ᠌ᠭᠢᠭ᠍ᠰᠡᠨ ᠪᠠᠢ᠌ᠵᠠᠢ᠃ ᠪᠣᠰᠤᠤᠠᠴᠢ ᠠᠬᠤᠢ ᠶᠢ ᠮᠡᠳᠡᠷᠡᠭᠦ ᠦᠭᠡᠶ᠂ ᠦᠪᠡᠷ ᠤᠨ ᠭᠡᠢ ᠰᠡᠳᠬᠢᠯᠭᠡᠨ ᠳᠡᠭᠡᠨ ᠣᠶᠠᠭᠳᠠᠬᠤ ᠪᠣᠯ ᠵᠠᠯᠠᠭᠤ ᠨᠠᠰᠤᠨ ᠤ ᠨᠢᠭᠡ ᠵᠣᠢ᠌ᠯ ᠤᠨ ᠰᠠᠤᠠᠭᠢᠴᠠ ᠶᠢᠨ ᠠᠷᠬᠠᠭ ᠭᠡᠮ ᠪᠣᠯᠬᠤ ᠶᠤᠮ᠃ ᠰᠤᠷᠬᠤ ᠨᠠᠰᠤᠨ ᠤ ᠵᠠᠮ ᠳᠡᠭᠡᠷ᠎ᠡ ᠵᠠᠪᠠᠯ ᠲᠤᠬᠢᠶᠠᠯᠳᠤᠬᠤ ᠡᠨᠡᠭᠦ ᠬᠠᠷ᠎ᠠ ᠪᠠᠯᠴᠢᠭ ᠢ ᠳᠤᠭᠤᠯᠵᠤ ᠳᠡᠢ᠌ᠯᠭᠦ ᠦᠭᠡᠶ ᠰᠢᠪᠠᠷᠳᠠᠬᠤ ᠳᠤ ᠭᠦᠷᠪᠠᠯ᠂ ᠥᠡᠳᠦᠷ ᠭᠦᠰᠡᠯᠡᠩ ᠭᠤᠶᠤ ᠢᠷᠡᠭᠡᠳᠦᠢ ᠴᠢᠨᠢ ᠵᠡᠭᠦᠳᠤ ᠪᠣᠯᠤᠨ ᠵᠠᠮᠬᠠᠷᠠᠬᠤ ᠯᠠ ᠭᠡᠷᠡᠭ᠌᠃

ᠵᠤᠬᠢᠶᠠᠭᠴᠢ᠄ ᠨᠣ᠋·ᠪᠠᠭᠠᠳᠤᠷ
ᠳᠠᠷᠤᠮ᠄ 9496
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ