ᠨᠡᠪᠲᠡᠷᠡᠨ ᠤᠷᠤᠬᠤ
ᠭᠤᠷᠪᠠᠳᠤᠭᠠᠷ ᠪᠦᠯᠦᠭ ᠂ ᠵᠢᠳᠭᠦᠯ ᠲᠡᠮᠡᠴᠡᠯ ᠤᠨ ᠢᠷᠡᠭᠤ ᠳᠠᠭᠤᠯᠠᠯ
ᠨᠢᠭᠡᠳᠦᠭᠡᠷ ᠬᠡᠰᠡᠭ ᠂ ᠰᠠᠨᠠᠭ᠎ᠠ ᠪᠠᠢ᠌ᠪᠠᠯ ᠣᠨᠤᠭ᠎ᠠ ᠪᠠᠢ᠌ᠨ᠎ᠠ

ᠳᠡᠳᠡᠭᠡᠷ 《ᠠᠭᠤᠤ ᠶᠡᠭᠡ》 ᠭᠡᠮᠡᠭ᠍ᠰᠡᠳ ᠪᠦᠭᠦᠨ ᠪᠦᠷ ᠠᠶᠤᠮᠰᠢᠭᠳᠤ ᠴᠦᠯ ᠪᠠᠷᠳᠠᠭᠠᠳᠤ ᠡᠯᠡᠰᠤ ᠶᠢ ᠳᠤᠭᠤᠯᠤᠭᠠᠤᠨ ᠰᠠ‍‌ᠶᠢ ᠭᠢᠯᠪᠠᠭᠠᠳᠤ ᠣᠷᠭᠢᠯ ᠳᠤ ᠭᠦᠷᠦᠭ᠍ᠰᠡᠨ ᠭᠦᠮᠦᠰ ᠤᠳ ᠪᠠᠢ᠌ᠭ᠎ᠠ ᠶᠤᠮ᠃


᠊᠊᠊᠊᠊᠊᠊᠊᠊᠊᠊᠊᠊᠊᠊᠊᠊᠊᠊᠊᠊᠊᠊᠊ ᠪᠠᠯᠵᠠᠺ


ᠳᠠ ᠰᠠᠠᠰᠠᠷ ᠤᠨ ᠨᠢᠰᠭᠡᠯ ᠳᠤ ᠰᠠᠭᠤᠵᠤ ᠣᠷᠴᠢᠯᠠᠩ ᠤᠨ ᠠᠭᠤᠳᠠᠮ ᠢ ᠰᠤᠨᠢᠷᠬᠠᠨ᠎ᠠ ᠦᠦ︖ ᠡᠰᠡᠪᠠᠯ ᠺᠠᠮᠪᠣᠷᠢᠵ ᠶᠡᠭᠡ ᠰᠤᠷᠭᠠᠭᠤᠯᠢ ᠶᠢᠨ ᠭᠡᠭᠡᠨ ᠰᠠᠷᠠᠭᠤᠯ ᠭᠢᠴᠢᠶᠠᠯ ᠤᠨ ᠳᠠᠩᠭᠢᠮ ᠳᠤ ᠮᠢᠳᠠᠢ᠌ᠵᠤ ᠡᠷᠳᠡᠮ ᠤᠨ ᠳᠠᠯᠠᠢ ᠳᠤ ᠱᠤᠩᠪᠠᠯᠠᠨ᠎ᠠ ᠦᠦ︖ ᠡᠰᠡᠭᠦᠯ᠎ᠡ ᠣᠷ᠎ᠠ ᠠᠪᠢᠶᠠᠰ ᠶᠢᠡᠨ ᠪᠠᠳᠠᠷᠠᠭᠤᠯᠤᠨ ᠰᠢᠨ᠎ᠠ ᠳᠧᠭ᠍ᠨᠢᠭ᠌ ᠡᠭᠦᠦᠡᠴᠤ ᠭᠦᠮᠤᠨ ᠲᠦᠷᠦᠯᠭᠢᠳᠠᠨ ᠳᠤ ᠬᠠᠠᠳᠢᠪᠯᠠᠨ᠎ᠠ ᠦᠦ︖ ᠡᠳᠡᠭᠡᠷ ᠨᠢ ᠳᠠᠢ᠌ᠮᠤ ᠯᠠ ᠪᠠᠶᠡᠯᠡᠭᠦᠯᠭᠦ ᠳᠤ ᠪᠠᠷᠭᠡᠳᠡᠢ ᠭᠡᠢ ᠭᠦᠰᠡᠯ ᠭᠡᠵᠢ ᠦᠦ︖ ᠠᠷᠠᠢ ᠪᠢᠰᠢ ᠪᠠᠢ᠌ᠬ᠎ᠠ︕ ᠦᠨᠡᠨ ᠳᠡᠭᠡᠨ ᠭᠢᠵᠤ ᠥᠵᠡᠭᠡᠳᠦᠢ ᠶᠠᠭᠤᠮ᠎ᠠ ᠪᠦᠭᠦᠨ ᠭᠢᠵᠠᠭᠠᠷ ᠨᠢ ᠬᠠᠷᠠᠭᠳᠠᠬᠤ ᠦᠭᠡᠶ ᠳᠠᠯᠠᠢ ᠪᠣᠯᠪᠠᠴᠤ᠂ ᠰᠠᠨᠠᠭ᠎ᠠ ᠪᠠᠢ᠌ᠭᠰᠠᠨ ᠴᠠᠭ ᠲᠤ ᠣᠨᠤᠭ᠎ᠠ ᠯᠠᠪ ᠪᠠᠢ᠌ᠬᠤ ᠶᠤᠰᠤᠳᠠᠢ ᠪᠦᠭᠡᠤᠨ᠂ ᠵᠤᠷᠢᠭ ᠰᠢᠭᠤᠳᠤᠨ ᠭᠢᠪᠠᠯ ᠳᠡᠳᠡᠭᠡᠷ ᠰᠠᠨᠠᠭᠠᠨ ᠳᠤ ᠣᠷᠤᠮ᠎ᠠ ᠦᠭᠡᠶ ᠭᠦᠴᠢᠷ ᠲᠡᠶ ᠶᠠᠪᠣᠳᠠᠯ ᠨᠢ ᠬᠠᠷᠢᠨ ᠳᠣᠢ᠌ᠯ ᠤᠨ ᠳᠦᠭᠦᠮ ᠣᠴᠢᠷ ᠪᠠᠢ᠌ᠵᠤ ᠮᠠᠳᠠᠨ᠎ᠠ᠃ ᠡᠨᠡ ᠶᠤᠰᠤ ᠶᠢ ᠠᠷᠪᠠᠨ ᠨᠢ᠋ᠮᠠᠳᠠᠢ ᠬᠤᠳᠠ ᠶᠢᠨ ᠳᠠᠷᠤᠭ᠎ᠠ ᠮᠠᠢ᠌ᠺᠧᠯ ᠦᠪᠡᠷ ᠤᠨ ᠣᠢ᠌ᠯᠠ ᠶᠠᠪᠣᠳᠠᠯ ᠶᠢᠡᠷ ᠶᠢᠡᠨ ᠨᠤᠳᠠᠯᠠᠵᠤ 《ᠶ‍ᠢᠷᠳᠢᠠᠴᠤ ᠳᠡᠭᠡᠷᠡᠭᠢ ᠮᠠᠰᠢ ᠣᠯᠠᠨ ᠶᠠᠪᠣᠳᠠᠯ ᠨᠢ ᠥᠵᠡᠭᠦ ᠳᠤ ᠭᠦᠴᠢᠷ ᠪᠣᠯᠪᠠᠴᠤ ᠰᠢᠭᠤᠳᠤᠭᠠᠤᠨ ᠯᠠ ᠭᠢᠪᠠᠯ ᠪᠦᠷ ᠭᠢᠯᠪᠠᠷ ᠪᠢᠯᠠ》 ᠭᠡᠵᠤ ᠭᠡᠯᠡᠭ᠍ᠰᠡᠨ ᠶᠤᠮ᠃

ᠡᠨᠡ ᠥᠯᠢᠭᠡᠷ ᠨᠢ ᠨᠢᠭᠡ ᠶᠠᠯᠢᠮ ᠦᠭᠡᠶ ᠣᠴᠢᠷ ᠡᠴᠡ ᠡᠭᠦᠰᠴᠡᠢ᠃ 2004 ᠣᠨ ᠤ ᠬᠠᠪᠣᠷ ᠠᠮᠸᠷᠢᠺᠠ ᠶᠢᠨ ᠮᠢᠰᠢᠭᠧᠨ ᠵᠸᠤ ᠶᠢᠨ ᠰᠢᠷᠢᠳᠠᠢ᠌ᠷ ᠬᠤᠳᠠ ᠶᠢᠨ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢ ᠮᠠᠢ᠌ᠺᠧᠯ᠂ ᠰᠤᠷᠤᠭᠴᠢ ᠶᠢᠨ ᠬᠤᠷᠠᠯ ᠤᠨ ᠳᠡᠷᠢᠭᠦᠯᠦᠭ᠍ᠴᠢ ᠶᠢᠨ ᠰᠤᠩᠭ᠋ᠠᠭᠤᠯᠢ ᠳᠤ ᠢᠯᠠᠭᠳᠠᠭᠠᠤᠨ ᠵᠤᠷᠢᠯᠭ᠎ᠠ ᠳᠠᠭᠠᠨ ᠭᠦᠷᠴᠤ ᠴᠢᠳᠠᠭᠰᠠᠨ ᠦᠭᠡᠶ᠃ ᠡᠨᠡ ᠨᠢ ᠪᠣᠰᠤᠳ ᠤᠨ ᠨᠢᠳᠤᠨ ᠳᠤ ᠪᠣᠷᠴᠠᠭ ᠤᠨ ᠴᠢᠨᠡᠭᠡᠨ ᠪᠠᠭ᠎ᠠ ᠶᠠᠪᠣᠳᠠᠯ ᠪᠣᠯᠪᠠᠴᠤ᠂ ᠮᠠᠢ᠌ᠺᠧᠯ ᠳᠤ ᠠᠪᠴᠤ ᠭᠡᠯᠡᠪᠠᠯ ᠬᠠᠷᠢᠨ ᠶᠡᠭᠡ ᠶᠠᠪᠣᠳᠠᠯ ᠪᠠᠢ᠌ᠭᠰᠠᠨ ᠪᠢᠯᠠ᠃ ᠭᠡᠷᠪᠡ ᠳᠠᠷᠠᠭᠠᠴᠢ ᠶᠢᠨ ᠬᠤᠭᠤᠴᠠᠭᠠᠨ ᠤ ᠰᠤᠩᠭ᠋ᠠᠭᠤᠯᠢ ᠶᠢ ᠭᠦᠯᠢᠶᠡᠭᠦ ᠶᠤᠮ ᠪᠣᠯ ᠳᠠᠷᠠ ᠳᠤᠮᠳᠠᠳᠤ ᠰᠤᠷᠭᠠᠭᠤᠯᠢ ᠪᠠᠨ ᠳᠡᠭᠦᠰᠴᠢᠭᠦ ᠳᠤᠯᠠ ᠳᠠᠭᠢᠨ ᠰᠤᠩᠭ᠋ᠠᠭᠤᠯᠢ ᠳᠤ ᠣᠷᠤᠯᠴᠠᠬᠤ ᠵᠠᠪᠰᠢᠶᠠᠨ ᠦᠭᠡᠶ ᠪᠣᠯᠴᠢᠬᠠᠨ᠎ᠠ᠃ ᠡᠨᠡ ᠨᠢ ᠰᠠᠨᠠᠭᠰᠠᠨ ᠳᠠᠭᠠᠨ ᠭᠦᠷᠭᠦ ᠡᠴᠡ ᠪᠣᠴᠠᠳᠠᠭ ᠦᠭᠡᠶ ᠮᠠᠢ᠌ᠺᠧᠯ ᠢ ᠭᠠᠴᠢᠭᠳᠠᠭᠤᠯᠵᠤ ᠨᠣᠢ᠌ᠷ ᠬᠤᠭᠤᠯᠠᠨ ᠡᠴᠡ ᠭᠠᠷᠭᠠᠬᠤ ᠳᠤ ᠭᠦᠷᠪᠡ᠃ ᠶᠠᠭ ᠡᠨᠡ ᠦᠶ᠎ᠡ ᠳᠤ ᠳᠡᠭᠦᠨ ᠤ ᠳᠠᠷᠢᠭᠢᠨ ᠳᠤ ᠨᠢᠭᠡᠨ ᠪᠣᠳᠤᠯ ᠭᠢᠯᠠᠰᠭᠢᠨ ᠬᠠᠷᠪᠣᠵᠤ 《ᠭᠡᠷᠡᠭ᠌ ᠶᠡᠭᠡ ᠳᠡᠭᠡᠨ᠂ ᠭᠡᠷᠡᠮ ᠦᠨᠳᠦᠷ ᠲᠡᠭᠡᠨ》 ᠭᠡᠳᠡᠭ᠍ᠴᠢᠯᠡᠨ᠂ ᠰᠢᠭᠤᠳ ᠯᠠ ᠬᠤᠳᠠ ᠶᠢᠨ ᠳᠠᠷᠤᠭ᠎ᠠ ᠶᠢᠨ ᠰᠤᠩᠭ᠋ᠠᠭᠤᠯᠢ ᠳᠤ ᠣᠷᠤᠯᠴᠠᠴᠢᠬᠤ ᠳᠤ ᠶᠠᠭᠠᠭᠢᠳᠠᠭ ᠶᠤᠮ︖ ᠭᠡᠰᠡᠨ ᠰᠠᠨᠠᠭ᠎ᠠ ᠣᠷᠤᠯ᠎ᠠ᠃ ᠠᠮᠸᠷᠢᠺᠠ ᠣᠯᠤᠰ ᠤᠨ ᠬᠠᠤᠯᠢ ᠳᠤ ᠡᠷᠭᠡᠳᠤ ᠠᠷᠠᠤᠨ ᠪᠣᠯᠭᠠᠨ ᠣᠳᠤᠷᠢᠳᠤᠭᠴᠢ ᠦᠷᠢᠰᠤᠯᠳᠤᠨ ᠰᠤᠩᠭ᠋ᠤᠵᠤ ᠪᠣᠯᠬᠤ ᠡᠷᠭᠡ ᠲᠡᠶ ᠳᠤᠯᠠ ᠨᠢᠭᠡ ᠪᠠᠭ᠎ᠠ ᠬᠤᠳᠠ ᠶᠢᠨ ᠳᠠᠷᠤᠭ᠎ᠠ ᠶᠠᠭᠤ ᠯᠠ ᠪᠣᠯᠬᠤ ᠶᠤᠮ︖ ᠳᠡᠭᠡᠪᠠᠴᠤ ᠣᠷᠢᠳᠠᠪᠠᠷ ᠬᠤᠳᠠ ᠶᠢᠨ ᠳᠠᠷᠤᠭ᠎ᠠ ᠰᠠᠭᠤᠵᠤ ᠪᠠᠢ᠌ᠮᠠᠨ ᠪᠣᠯᠤᠶ᠎ᠠ ᠭᠡᠵᠤ ᠵᠤᠷᠢᠭ ᠰᠢᠭᠤᠤᠠᠴᠠᠢ᠃ ᠳᠠᠷᠠ ᠡᠨᠡ ᠰᠠᠨᠠᠭ᠎ᠠ ᠪᠠᠨ ᠬᠠᠮᠳᠤ ᠰᠤᠷᠤᠭᠴᠢ ᠳᠠᠭᠠᠨ ᠶᠠᠷᠢᠭᠰᠠᠨ ᠳᠤ ᠪᠦᠭᠦᠳᠡᠭᠡᠷ ᠳᠡᠭᠦᠨ ᠢ ᠳᠤᠭᠤᠭᠢᠯᠠᠨ ᠢᠨᠢᠶᠠᠯᠳᠤᠵᠤ 《ᠠᠮᠠᠨ ᠰᠥ᠋ ᠨᠢ ᠠᠷᠢᠯᠤᠭᠠᠳᠤᠢ ᠭᠡᠦᠭᠡᠤᠨ ᠠᠮᠠ ᠪᠠᠭᠳᠠᠬᠤ ᠦᠭᠡᠶ ᠶᠠᠭᠤᠮ᠎ᠠ ᠶᠠᠷᠢᠨ᠎ᠠ ᠭᠡᠭ᠍ᠴᠢ ᠰᠡᠷᠢᠭᠦᠨ ᠶᠢᠡᠷ ᠶᠢᠡᠨ ᠵᠡᠭᠦᠳᠦᠯᠡᠵᠤ ᠪᠠᠢ᠌ᠨ᠎ᠠ》 ᠭᠡᠵᠡᠭᠡᠪᠡ᠃ ᠡᠴᠢᠭᠡ ᠡᠭᠡ ᠨᠢ ᠳᠡᠭᠦᠨ ᠤ ᠡᠨᠡ ᠥᠭᠡ ᠶᠢ ᠰᠤᠨᠤᠰᠤᠭᠠᠤᠨ ᠳᠤᠭᠯᠠᠭᠠᠮ ᠭᠢᠵᠤ ᠪᠠᠢ᠌ᠨ᠎ᠠ ᠭᠡᠵᠤ ᠪᠣᠳᠤᠭᠠᠤᠨ :

《ᠰᠤᠩᠭ᠋ᠠᠭᠤᠯᠢ ᠶᠢᠨ ᠥᠷᠢᠰᠦᠯᠳᠦᠭᠡᠨ ᠭᠡᠭ᠍ᠴᠢ ᠶᠡᠭᠡ ᠮᠥᠩᠭᠦ ᠪᠠᠷ ᠳᠡᠪᠢᠰᠭᠡᠷᠯᠡᠳᠡᠭ᠌ ᠶᠤᠮ ᠰᠢᠤ᠃ ᠮᠠᠨ ᠳᠤ ᠬᠠᠷᠢᠨ ᠴᠢᠮ᠎ᠠ ᠪᠠᠷ ᠰᠥᠢᠦᠡᠭᠡᠯᠭᠡᠭᠦ ᠵᠤᠭᠤᠰ ᠦᠭᠡᠶ》 ᠭᠡᠤᠨ ᠰᠠᠨᠠᠭᠠᠨ ᠳᠠᠭᠠᠨ ᠠᠪᠣᠭᠰᠠᠨ ᠦᠭᠡᠶ᠃

ᠮᠠᠢ᠌ᠺᠧᠯ ᠳᠸᠯᠸᠢᠰ ᠳᠡᠭᠡᠷ᠎ᠡ ᠡᠴᠡ ᠣᠯᠤᠰ ᠤᠨ ᠶᠡᠷᠦᠩᠭᠡᠢ᠌ᠯᠡᠭ᠍ᠴᠢ ᠰᠤᠩᠭ᠋ᠤᠬᠤ ᠳᠡᠮᠡᠴᠡᠭᠡᠨ ᠢ ᠭᠡᠳᠤ ᠣᠳᠠᠭ᠎ᠠ ᠦᠵᠡᠵᠤ ᠥᠩᠭᠡᠷᠡᠵᠡᠢ᠃ ᠪᠦᠷ ᠯᠠ ᠶᠡᠭᠡ ᠮᠥᠩᠭᠦ ᠭᠠᠷᠭᠠᠨ ᠬᠠᠮᠢᠶ᠎ᠠ ᠪᠦᠭᠦᠢ ᠭᠦᠮᠤᠨ ᠢ ᠬᠠᠬᠤᠤᠯᠢᠳᠠᠬᠤ ᠪᠠᠷ ᠪᠠᠷᠠᠬᠤ ᠦᠭᠡᠶ᠂ ᠡᠯ᠎ᠡ ᠭᠠᠵᠠᠷ ᠶᠢᠡᠷ ᠳᠤᠭᠤᠷᠢᠨ ᠦᠪᠡᠷ ᠢ ᠪᠠᠨ ᠣᠬᠠᠭᠤᠯᠵᠤ᠂ ᠰᠤᠨᠢᠨ ᠮᠡᠳᠡᠭᠡᠨ ᠳᠡᠭᠡᠷ᠎ᠡ ᠶᠡᠭᠡ ᠥᠷᠳᠡᠭ᠌ ᠤᠨ ᠵᠠᠷ ᠳᠠᠯᠪᠢᠬᠤ ᠭᠡᠷᠡᠭ᠍ᠳᠡᠢ᠃ ᠳᠡᠭᠡᠯ᠎ᠡ ᠴᠤ ᠰᠢᠷᠢᠳᠠᠢ᠌ᠷ ᠰᠢᠭ ᠪᠠᠭ᠎ᠠ ᠬᠤᠳᠠᠨ ᠳᠤ ᠳᠠᠢ᠌ᠮᠤ ᠶᠡᠭᠡ ᠭᠦᠯ ᠭᠦᠭᠡᠷᠴᠡᠭ᠌ ᠠᠪᠬᠤ ᠴᠢᠬᠤᠯᠠ ᠦᠭᠡᠶ ᠪᠣᠯᠪᠠᠴᠤ᠂ ᠦᠪᠡᠷ ᠢ ᠪᠠᠨ ᠣᠬᠠᠭᠤᠯᠵᠤ ᠬᠤᠳᠠ ᠶᠢᠨ ᠠᠷᠠᠤᠨ ᠲᠤ ᠳᠠᠨᠢᠭᠤᠯᠬᠤ ᠭᠡᠭ᠍ᠴᠢ ᠮᠦᠨ ᠯᠠ ᠭᠢᠯᠪᠠᠷ ᠶᠠᠪᠣᠳᠠᠯ ᠪᠢᠰᠢ ᠡ᠃ ᠡᠭᠦᠨ ᠳᠤ ᠣᠭᠤᠷᠠᠭ ᠳᠠᠷᠢᠭᠢ ᠪᠣᠯᠤᠨ ᠣᠭᠤᠳᠠ ᠲᠡᠶ ᠮᠥᠩᠭᠦ ᠭᠡᠷᠡᠭ᠍ᠰᠡᠭᠦ ᠳᠠᠳᠤᠢ ᠦᠭᠡᠶ᠂ ᠬᠤᠳᠠ ᠶᠢᠨ ᠳᠠᠷᠤᠭ᠎ᠠ ᠰᠠᠭᠤᠨ᠎ᠠ ᠭᠡᠳᠡᠭ᠌ ᠴᠢᠨᠢ 《ᠵᠢᠩᠰᠠ》 ᠵᠢ ᠨᠢ ᠠᠪᠣᠭᠠᠤᠨ ᠵᠡᠭᠦᠪᠠᠯ ᠪᠣᠯᠴᠢᠬᠤ ᠳᠦᠭᠦᠮ ᠣᠴᠢᠷ ᠪᠢᠰᠢ ᠯᠠ ᠳ᠋ᠠ᠃ ᠳᠡᠭᠡᠭᠦ ᠳᠡᠭᠡᠨ ᠬᠤᠳᠠ ᠪᠠᠨ ᠵᠠᠰᠠᠵᠤ ᠠᠷᠠᠤᠨ ᠶᠢᠡᠨ ᠳᠡᠳᠭᠦᠭᠦ ᠲᠦᠰᠤᠪ ᠪᠣᠳᠤᠯᠭ᠎ᠠ ᠭᠡᠷᠡᠭ᠍ᠰᠡᠭᠦ ᠶᠢ ᠨᠠᠩ ᠶᠠᠭᠤᠨ ᠥᠭᠦᠯᠡᠨᠡᠮ︕ ᠰᠤᠷᠭᠠᠭᠤᠯᠢ ᠶᠢᠨ ᠡᠭᠦᠳᠡ ᠪᠠᠨ ᠭᠠᠷᠤᠭᠠᠳᠤᠢ ᠮᠠᠢ᠌ᠺᠧᠯ ᠳᠤ ᠠᠪᠴᠤ ᠭᠡᠯᠡᠪᠠᠯ ᠡᠨᠡ ᠪᠦᠭᠦᠨ ᠨᠢ ᠨᠥᠭᠦᠴᠡᠯ ᠨᠢ ᠦᠭ‍ᠭᠦᠭ᠍ᠳᠡᠭ᠍ᠰᠡᠨ ᠦᠭᠡᠶ 《ᠦᠯᠦ ᠮᠡᠳᠡᠭᠦ ᠳᠤᠭ᠎ᠠ》 ᠪᠣᠯᠤᠨ᠎ᠠ᠃ ᠭᠡᠳᠡᠯ᠎ᠡ ᠮᠠᠢ᠌ᠺᠧᠯ ᠪᠣᠯ ᠡᠨᠡ ᠪᠠᠭ᠎ᠠ ᠭᠦᠴᠢᠷ ᠡᠴᠡ ᠠᠶᠤᠬᠤ ᠭᠦᠮᠤᠨ ᠪᠢᠰᠢ᠂ ᠢᠩᠭᠢᠵᠤ ᠭᠢᠨ᠎ᠠ ᠭᠡᠵᠤ ᠵᠤᠷᠢᠭ ᠰᠢᠭᠤᠳᠤᠭᠰᠠᠨ ᠦᠶ᠎ᠡ ᠳᠤ᠂ ᠶᠠᠮᠠᠷᠪᠠ ᠭᠦᠴᠢᠷ ᠳᠤᠯᠭᠠᠷᠠᠭᠰᠠᠨ ᠴᠤ ᠢᠯᠠᠨ ᠳᠠᠪᠠᠬᠤ ᠢᠳᠡᠭᠡᠯ ᠳᠦᠭᠦᠷᠡᠩ ᠪᠠᠢ᠌ᠯ᠎ᠠ᠃ ᠳᠠᠷᠠᠪᠠᠷ ᠰᠤᠩᠭ᠋ᠠᠭᠤᠯᠢ ᠶᠢᠨ ᠳᠡᠮᠡᠴᠡᠭᠡᠨ ᠳᠤ ᠣᠷᠤᠯᠴᠠᠬᠤ ᠪᠦᠷᠢᠨ ᠳᠦᠭᠦᠷ ᠳᠦᠯᠦᠪᠯᠡᠭᠡ ᠵᠤᠬᠢᠶᠠᠵᠤ᠂ ᠪᠣᠢ ᠪᠦᠭᠦᠢ ᠰᠡᠯᠡᠭᠦᠤ ᠴᠠᠭ ᠶᠢᠡᠨ ᠠᠰᠢᠭᠯᠠᠨ ᠲᠦᠷᠦ ᠵᠠᠰᠠᠭ ᠤᠨ ᠬᠠᠮᠢᠶᠠᠷᠤᠯᠳᠠ ᠶᠢᠨ ᠳᠤᠬᠠᠢ ᠨᠤᠮ ᠣᠩᠰᠢᠵᠠᠢ᠃ ᠭᠢᠴᠢᠶᠠᠯ ᠰᠤᠷᠤᠯᠭ᠎ᠠ ᠪᠠᠨ ᠰᠠᠭᠠᠳᠤᠭᠠᠬᠤ ᠦᠭᠡᠶ ᠣᠷᠢᠳᠠᠯ ᠳᠤᠤᠷ᠎ᠠ᠂ ᠳᠠᠷᠠ ᠰᠠᠭᠤᠭᠠᠯᠢ ᠠᠷᠠᠤᠨ ᠤᠨ ᠳᠤᠭᠤᠷᠢᠭ ᠶᠢᠡᠷ ᠭᠦᠡᠵᠡᠭᠡᠢ᠌ᠷᠡᠵᠤ᠂ ᠳᠠᠳᠠᠨᠤᠰ ᠤᠨ ᠠᠮᠢᠳᠤᠷᠠᠯ ᠳᠤᠮᠳᠠ ᠣᠷᠤᠰᠢᠵᠤ ᠪᠦᠭᠦᠢ ᠠᠰᠠᠭᠤᠳᠠᠯ ᠢ ᠣᠢ᠌ᠯᠠᠭᠠᠨ᠂ ᠶᠠᠭᠠᠭᠢᠪᠠᠯ ᠰᠠ‍‌ᠶᠢ ᠬᠤᠳᠠ ᠶᠢᠨ ᠠᠷᠠᠤᠨ ᠲᠤ ᠬᠠᠨᠤᠮᠵᠢᠳᠠᠢ ᠣᠢ᠌ᠯᠠᠴᠢᠯᠠᠵᠤ ᠴᠢᠳᠠᠬᠤ ᠰᠠᠢ᠌ᠨ ᠳᠠᠷᠤᠭ᠎ᠠ ᠪᠣᠯᠬᠤ ᠣᠬᠠᠭᠠᠨ ᠢ ᠬᠠᠢ᠌ᠨ ᠰᠥᠪᠠᠭ᠍ᠴᠢᠯᠡᠵᠡᠢ᠃

ᠵᠤᠨ ᠤ ᠳᠠᠷᠬᠠᠯᠳᠠ ᠪᠣᠯᠪᠠ᠃ ᠮᠠᠢ᠌ᠺᠧᠯ ᠰᠤᠷᠤᠭᠴᠢ ᠶᠢᠨ ᠬᠤᠪᠴᠠᠰᠤ ᠪᠠᠨ ᠳᠠᠢ᠌ᠯᠤᠭᠠᠤᠨ ᠠᠪᠣ ᠶᠢᠨ ᠶᠢᠡᠨ ᠡᠷᠢᠶᠡᠨ ᠬᠠᠯᠳᠠᠷ ᠠᠵᠢᠯ ᠤᠨ ᠬᠤᠪᠴᠠᠰᠤ ᠶᠢ ᠨᠢ ᠡᠮᠦᠰᠤᠨ ᠪᠠᠷᠢᠯᠭ᠎ᠠ ᠶᠢᠨ ᠭᠠᠵᠠᠷ ᠨᠦᠰᠠᠷ ᠭᠦᠳᠡᠯᠮᠦᠷᠢ ᠭᠢᠪᠠ᠃ ᠣᠳᠠᠯ ᠦᠭᠡᠶ ᠥᠭᠡᠷ᠎ᠡ ᠨᠢᠭᠡ ᠭᠡᠳᠤ ᠳᠡᠯᠭᠡᠭᠦᠷ ᠤᠨ ᠳᠠᠭᠠᠭᠠᠮᠠᠯ ᠳᠤ ᠳᠤᠭᠤᠭᠳᠠᠭᠠᠤᠨ᠂ ᠪᠠᠷᠠᠭ᠎ᠠ ᠭᠦᠷᠭᠡᠭᠦ ᠠᠵᠢᠯᠴᠢᠨ ᠪᠣᠯᠵᠤ ᠰᠢᠭᠤᠷᠬᠠᠢ᠌ᠯᠠᠨ ᠠᠵᠢᠯᠯᠠᠵᠤ ᠪᠢᠯᠠ᠃ ᠡᠨᠡ ᠳᠠᠷᠬᠠᠯᠳᠠ ᠶᠢᠨ ᠬᠤᠭᠤᠴᠠᠭᠠᠨ ᠳᠤ ᠮᠠᠢ᠌ᠺᠧᠯ ᠨᠠᠢ᠌ᠳᠠ ᠳᠤᠯᠤᠭᠠᠨ ᠵᠠᠭᠤᠨ ᠳ᠋ᠤᠯᠯᠠᠷ ᠭᠦᠯᠦᠰᠤᠨ ᠮᠥᠩᠭᠦ ᠣᠯᠵᠤ᠂ ᠳᠡᠭᠦᠨ ᠶᠢᠡᠷ ᠶᠢᠡᠨ ᠭᠡᠳᠤᠨ ᠶᠡᠭᠡ ᠵᠠᠷ ᠤᠨ ᠫᠠᠢ᠌ᠰᠠ ᠪᠣᠰᠬᠠᠭᠠᠤᠨ᠂ ᠦᠪᠡᠷ ᠤᠨ ᠳᠤᠮᠤᠷᠠᠭᠤᠯᠤᠭᠰᠠᠨ ᠰᠡᠭᠦᠳᠡᠷ ᠤᠨ ᠶᠢᠡᠨ ᠬᠠᠵᠠᠭᠤᠳᠠ ᠣᠯᠤᠰ ᠲᠦᠷᠦ ᠶᠢᠨ ᠵᠤᠷᠢᠯᠳᠠ᠂ ᠵᠠᠰᠠᠭ ᠪᠠᠷᠢᠬᠤ ᠭᠦᠳᠦᠯᠪᠦᠷᠢ ᠪᠠᠨ ᠵᠤᠷᠪᠣᠰᠯᠠᠨ ᠪᠢᠴᠢᠭ᠍ᠰᠡᠨ ᠪᠠᠢ᠌ᠵᠠᠢ᠃ ᠡᠨᠡ ᠫᠠᠢ᠌ᠰᠠ ᠪᠠᠨ ᠭᠡᠳᠤ ᠵᠤᠬᠢᠶᠠᠵᠤ ᠬᠤᠳᠠ ᠶᠢᠨ ᠲᠦᠪ ᠪᠣᠯᠤᠨ ᠵᠠᠮ ᠤᠨ ᠠᠭᠤᠯᠵᠠᠭᠤᠷ ᠲᠤ ᠳᠠᠯᠪᠢᠯ᠎ᠠ᠃ ᠡᠨᠡ ᠨᠢ ᠬᠤᠳᠠ ᠶᠢᠨ ᠠᠷᠠᠤᠨ ᠤᠨ ᠰᠤᠨᠢᠷᠬᠠᠯ ᠢ ᠶᠡᠭᠡ ᠳᠠᠳᠠᠭᠰᠠᠨ ᠪᠦᠭᠡᠤᠨ᠂ ᠥᠩᠭᠡᠷᠡᠭ᠍ᠰᠡᠨ ᠤ ᠳᠡᠷᠡᠭᠦ ᠣᠷᠠᠨ ᠥᠭᠡ ᠶᠠᠷᠢᠵᠤ ᠬᠤᠭᠤᠰᠤᠨ ᠫᠣᠤ ᠳᠠᠯᠪᠢᠳᠠᠭ ᠣᠯᠤᠰ ᠲᠦᠷᠦ ᠶᠢᠨ ᠵᠠᠪᠰᠢᠭᠴᠢᠳ ᠤᠨ ᠵᠠᠰᠠᠭ ᠤᠨ ᠡᠷᠭᠡ ᠶᠢ ᠮᠡᠭᠡᠯᠡᠨ ᠠᠪᠳᠠᠭ ᠠᠷᠭ᠎ᠠ ᠪᠠᠰᠢᠷ ᠢ ᠦᠵᠡᠵᠤ ᠬᠠᠯᠠᠰᠢᠷᠠᠭᠰᠠᠨ ᠬᠤᠳᠠ ᠶᠢᠨ ᠠᠷᠠᠤᠨ ᠲᠤ ᠰᠢᠨ᠎ᠠ ᠰᠤᠷᠭᠤᠭ ᠠᠭᠤᠷ ᠠᠮᠢᠰᠬᠤᠯ ᠢ ᠠᠪᠴᠢᠷᠠᠭᠰᠠᠨ ᠪᠠᠢ᠌ᠨ᠎ᠠ᠃ ᠢᠩᠭᠢᠭᠡᠤᠨ 2005 ᠣᠨ ᠤ ᠬᠤᠳᠠ ᠶᠢᠨ ᠳᠠᠷᠤᠭ᠎ᠠ ᠶᠢᠨ ᠰᠤᠩᠭ᠋ᠠᠭᠤᠯᠢ ᠳᠤ ᠢᠯᠭᠤᠮᠬᠠᠨ ᠢᠯᠠᠵᠤ᠂ ᠠᠷᠪᠠᠨ ᠨᠢ᠋ᠮᠠᠳᠠᠢ ᠳᠠᠭᠠᠨ ᠳᠤᠰᠢᠶᠠᠯ ᠳᠤ ᠭᠠᠷᠴᠤ ᠪᠢᠯᠠ᠃ ᠳᠠᠷᠠ ᠪᠣᠯ ᠠᠮᠸᠷᠢᠺᠠ ᠶᠢᠨ ᠨᠢᠭᠡᠳᠦᠭ᠍ᠰᠡᠨ ᠣᠯᠤᠰ ᠤᠨ ᠳᠡᠦᠭᠡᠨ ᠳᠡᠭᠡᠷᠡᠭᠢ ᠠᠩᠬᠠᠳᠤᠭᠴᠢ ᠣᠳᠠᠭ᠎ᠠ ᠭᠠᠷᠴᠤ ᠪᠦᠭᠦᠢ ᠵᠠᠯᠠᠭᠤ ᠬᠤᠳᠠ ᠶᠢᠨ ᠳᠠᠷᠤᠭ᠎ᠠ ᠪᠦᠭᠡᠤᠨ᠂ ᠳᠡᠯᠡᠭᠡᠢ ᠳᠠᠶᠠᠭᠠᠷ ᠤᠨ ᠰᠤᠨᠢᠷᠬᠠᠯ ᠢ ᠳᠠᠳᠠᠭᠰᠠᠨ ᠭᠠᠢ᠌ᠬᠠᠯᠳᠠᠢ ᠳᠤᠮᠤᠭ ᠪᠣᠯᠵᠤ ᠣᠯᠠᠮᠵᠢᠯᠠᠭᠳᠠᠭᠰᠠᠨ ᠪᠠᠢ᠌ᠨ᠎ᠠ᠃ ᠣᠯᠤᠰ ᠤᠨ ᠶᠡᠷᠦᠩᠭᠡᠢ᠌ᠯᠡᠭ᠍ᠴᠢ ᠪᠦᠱᠢ ᠣᠳᠠᠰᠤ ᠢᠷᠡᠭᠦᠯᠵᠤ ᠪᠠᠶᠠᠷ ᠭᠦᠷᠭᠡᠭ᠍ᠰᠡᠨ ᠪᠦᠭᠡᠤᠨ 《ᠡᠴᠢᠭᠡ ᠡᠭᠡ ᠴᠢᠨᠢ ᠴᠢᠮᠢ᠋ᠢ ᠨᠠᠰᠤ ᠪᠠᠭ᠎ᠠ ᠭᠡᠤᠨ ᠵᠠᠰᠠᠭ ᠤᠨ ᠠᠵᠢᠯ ᠳᠤ ᠴᠢᠨᠢ ᠭᠠᠷ ᠳᠦᠷᠢᠪᠠᠯ ᠶᠠᠭᠠᠭᠢᠨ᠎ᠠ︖》 ᠭᠡᠵᠤ ᠠᠰᠠᠭᠤᠭᠰᠠᠨ ᠳᠤ ᠮᠠᠢ᠌ᠺᠧᠯ᠄

《ᠥᠩᠭᠡᠷᠡᠭ᠍ᠰᠡᠨ ᠳᠤ ᠳᠠᠳᠠᠨᠤᠰ ᠮᠢᠨᠤ ᠶᠠᠭᠤᠮ᠎ᠠ ᠪᠣᠯᠭᠠᠨ ᠳᠤ ᠵᠢᠭᠠᠵᠤ ᠳᠤᠭᠢᠨ ᠭᠠᠷ ᠳᠦᠷᠢᠭᠦ ᠳᠤ ᠪᠢ ᠠᠷᠭ᠎ᠠ ᠦᠭᠡᠶ ᠪᠠᠢ᠌ᠵᠠᠢ᠃ ᠣᠳᠤ ᠪᠢ ᠡᠷᠭᠡ ᠪᠠᠷᠢᠭᠰᠠᠨ ᠶᠤᠮ ᠴᠢᠨᠢ ᠳᠠᠳᠠᠨ ᠡᠴᠡ ᠢᠯᠡᠭᠦᠤ ᠭᠠᠢ᠌ᠯᠢ ᠬᠤᠷᠢᠶᠠᠬᠤ ᠦᠭᠡᠶ ᠶᠤᠮ ᠦᠦ︖》 ᠭᠡᠵᠤ ᠱᠤᠭᠳᠠᠢ᠌ᠬᠠᠨ ᠬᠠᠷᠢᠭᠤᠯᠵᠤ ᠪᠢᠯᠠ᠃

ᠠᠷᠪᠠᠨ ᠨᠢ᠋ᠮᠠᠨ ᠨᠠᠰᠤ ᠪᠣᠯ ᠭᠠᠵᠠᠷ ᠤᠨ ᠲᠦᠪᠰᠢᠨ ᠡᠴᠡ ᠣᠷᠭᠤᠵᠤ ᠪᠠᠢ᠌ᠭ᠎ᠠ ᠥᠷᠯᠦᠭᠡ ᠶᠢᠨ ᠨᠠᠷᠠᠨ ᠮᠦᠨ᠃ ᠮᠦᠨᠴᠤ ᠡᠷᠳᠡᠮ ᠮᠡᠳᠡᠯᠭᠡ ᠶᠢ ᠡᠵᠡᠮᠰᠢᠭᠡᠤᠨ ᠰᠤᠶᠤᠯ ᠤᠨ ᠢᠠᠳᠠᠷ ᠲᠤ ᠳᠠᠪᠰᠢᠬᠤ ᠰᠢᠵᠢᠷ ᠠᠯᠳᠠᠨ ᠣᠯᠠᠷᠢᠯ ᠮᠦᠨ᠃ ᠬᠠᠷᠢᠨ ᠡᠴᠢᠭᠡ ᠡᠭᠡ ᠶᠢᠨ ᠬᠠᠯᠠᠭᠤᠨ ᠮᠠᠠᠴᠤᠢ ᠳᠤᠳᠤᠷ᠎ᠠ ᠣᠭᠵᠢ ᠰᠢᠮᠠᠨ ᠭᠡᠪᠳᠡᠭᠦ ᠨᠢᠯᠬ᠎ᠠ ᠪᠠᠯᠴᠢᠷ ᠴᠠᠭ ᠦᠶ᠎ᠡ ᠪᠢᠰᠢ ᠡ︕ ᠦᠢ᠌ ᠣᠯᠠᠨ ᠡᠷᠳᠡᠨ ᠡᠳᠦᠭᠡᠭᠢ ᠶᠢᠨ ᠪᠠᠭᠠᠳᠤᠷᠴᠤᠳ ᠪᠦᠷ ᠵᠠᠯᠠᠭᠤ ᠪᠠᠭ᠎ᠠ ᠨᠠᠰᠤᠨ ᠳᠠᠭᠠᠨ ᠠᠮᠵᠢᠯᠳᠠ ᠢᠯᠠᠯᠳᠠ ᠶᠢᠨ ᠢᠷᠠᠭᠤ ᠳᠤᠤᠯᠢᠰ ᠶᠢᠡᠨ ᠪᠢᠴᠢᠭᠯᠡᠭ᠍ᠰᠡᠨ ᠪᠠᠢ᠌ᠨ᠎ᠠ᠃ ᠴᠢᠩᠭᠢᠰ ᠬᠠᠭᠠᠨ ᠡᠨᠡ ᠨᠠᠰᠤᠨ ᠳᠠᠭᠠᠨ ᠠᠯᠳᠠᠭᠳᠠᠭᠰᠠᠨ ᠠᠢ᠌ᠮᠠᠭ ᠤᠳ ᠶᠢᠡᠨ ᠠᠤᠠᠬᠤᠨ ᠳᠠᠭᠠᠨ ᠬᠤᠷᠢᠶᠠᠵᠤ᠂ ᠠᠯᠳᠠᠨ ᠲᠦᠷᠦ ᠪᠠᠨ ᠴᠤᠭᠴᠠᠯᠠᠬᠤ ᠠᠶᠠᠯᠠᠯ ᠤᠨ ᠵᠠᠮ ᠶᠢᠡᠨ ᠡᠪᠭᠡᠴᠢᠭᠡᠭ᠍ᠰᠡᠨ ᠪᠠᠢ᠌ᠯ᠎ᠠ᠃ ᠡᠭᠦᠨ ᠡᠴᠡ ᠥᠵᠡᠭᠦᠯ᠎ᠡ ᠳᠡᠯᠡᠭᠡᠢ ᠳᠡᠭᠡᠷ᠎ᠡ ᠶᠠᠷᠤ ᠡᠴᠡ ᠭᠢᠵᠤ ᠳᠡᠢ᠌ᠯᠭᠦ ᠦᠭᠡᠶ ᠶᠠᠪᠣᠳᠠᠯ ᠭᠡᠵᠤ ᠪᠠᠢ᠌ᠳᠠᠭ ᠦᠭᠡᠶ᠂ ᠬᠠᠷᠢᠨ ᠭᠦᠴᠢᠷ ᠪᠠᠷᠭᠡᠰᠢᠶᠡᠯ ᠡᠴᠡ ᠬᠠᠯᠢᠷᠠᠭᠠᠤᠨ ᠭᠢᠭᠦ ᠦᠭᠡᠶ ᠭᠦᠮᠤᠨ ᠠᠷᠪᠢᠨ ᠪᠠᠢ᠌ᠨ᠎ᠠ᠃ ᠣᠢ᠌ᠯᠠᠰ ᠪᠦᠳᠦᠭᠡᠭᠦ ᠠᠶᠠᠯᠠᠯ ᠤᠨ ᠵᠠᠮ ᠪᠣᠯ ᠶᠠᠭ ᠮᠦᠷᠠᠨ ᠢ ᠣᠮᠪᠠᠵᠤ ᠭᠡᠳᠦᠯᠭᠦ ᠲᠡᠶ ᠠᠳᠠᠯᠢ᠂ ᠰᠢᠷᠦᠭᠦᠨ ᠣᠷᠤᠰᠬᠠᠯ ᠳᠤ ᠣᠷᠤᠰᠤᠭᠠᠬᠤ ᠪᠣᠶᠤ ᠠᠪᠣᠷᠭᠤ ᠮᠠᠳᠠᠷ ᠲᠤ ᠬᠠᠵᠠᠭᠳᠠᠬᠤ ᠡᠴᠡ ᠠᠶᠤᠬᠤ ᠳᠤ ᠭᠦᠷᠪᠠᠯ ᠯᠠᠪᠳᠠᠢ ᠮᠦᠷᠠᠨ ᠤ ᠭᠦᠪᠠᠭᠡᠨ ᠳᠤ ᠰᠡᠭᠦᠷᠡᠰᠦᠯᠡᠵᠤ ᠨᠠᠰᠤ ᠪᠠᠨ ᠪᠠᠷᠠᠬᠤ ᠯᠠ ᠭᠡᠷᠡᠭ᠌᠃ ᠭᠡᠷᠪᠡ ᠵᠤᠷᠢᠭ ᠰᠢᠭᠤᠳᠤᠭᠠᠤᠨ ᠱᠤᠩᠪᠠᠯᠠᠨ ᠣᠷᠤᠪᠠᠯ ᠳᠡᠳᠡᠭᠡᠷ ᠨᠢ ᠳᠠᠳᠣᠢ᠌ᠯᠠ ᠠᠶᠤᠮᠰᠢᠭᠳᠠᠢ ᠪᠢᠰᠢ ᠪᠠᠢ᠌ᠵᠤ᠂ ᠴᠢᠨᠠᠳᠤ ᠡᠷᠭᠢ ᠳᠤ ᠭᠠᠷᠬᠤ ᠭᠡᠭ᠍ᠴᠢ ᠣᠤᠯ ᠨᠢ ᠳᠣᠢ᠌ᠯ ᠤᠨ ᠭᠢᠯᠪᠠᠷ ᠶᠠᠪᠣᠳᠠᠯ ᠪᠠᠢ᠌ᠵᠠᠢ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 10413
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ